ᠬᠦᠷᠦᠰᠦ ᠰᠢᠷᠤᠢ ᠵᠢᠨ ᠰᠤᠩᠭᠤᠯᠳᠠ ᠪᠤᠯ ᠲᠡᠵᠢᠭᠡᠯ ᠡᠪᠡᠰᠦ ᠪᠤᠯᠤᠨ ᠲᠡᠵᠢᠭᠡᠯ ᠪᠤᠷᠳᠤᠭ᠋ᠠᠨ᠎ᠤ ᠲᠡᠷᠢᠮᠡᠯ᠎ᠤᠨ ᠴᠢᠬᠤᠯᠠ ᠬᠦᠴᠦᠨ ᠵᠦᠢ᠍ᠯ ᠪᠤᠯᠤᠨ᠎ᠠ᠃ ᠲᠡᠷᠡ᠎ᠨᠢ ᠬᠤᠷᠢᠶᠠᠯᠳᠠ ᠰᠠᠢ᠌ᠨ ᠮᠠᠭᠤᠲᠠᠢ ᠬᠤᠯᠪᠤᠭᠳᠠᠬᠤ᠎ᠪᠠᠷ ᠪᠠᠷᠠᠬᠤ ᠦᠭᠡᠢ ᠨᠤᠲᠤᠭ ᠪᠡᠯᠴᠢᠭᠡᠷ᠎ᠢ ᠬᠠᠮᠠᠭ᠋ᠠᠯᠠᠬᠤ᠂ ᠡᠯᠡᠰᠦᠵᠢᠬᠦ᠂ ᠬᠤᠵᠢᠷᠰᠢᠬᠤ ᠵᠢ ᠰᠡᠷᠭᠡᠢ᠌ᠯᠡᠬᠦ᠂ ᠬᠠᠭ᠋ᠠᠯᠪᠤᠷᠢᠯᠠᠭᠰᠠᠨᠤ ᠳᠠᠷᠠᠭ᠋ᠠᠬᠢ ᠲᠡᠷᠢᠶᠠᠯᠠᠩ᠎ᠤᠨ ᠮᠡᠷᠭᠡᠵᠢᠯ᠎ᠤᠨ ᠠᠷᠭ᠎ᠠ ᠬᠡᠮᠵᠢᠶ᠎ᠡ ᠵᠢ ᠲᠤᠭᠲᠠᠭ᠋ᠠᠬᠤ ᠪᠤᠯᠤᠨ ᠪᠦᠬᠦᠨ᠎ᠢ ᠪᠡᠶᠡᠯᠡᠬᠦᠯᠦᠨ ᠬᠦᠢ᠍ᠴᠡᠳᠬᠡᠬᠦ᠎ᠲᠠᠢ ᠬᠤᠯᠪᠤᠭᠳᠠᠨ᠎ᠠ᠃ ᠡᠢ᠌ᠮᠦ᠎ᠠᠴᠠ ᠲᠡᠵᠢᠭᠡᠯ ᠡᠪᠡᠰᠦ ᠪᠤᠯᠤᠨ ᠲᠡᠵᠢᠭᠡᠯ ᠪᠤᠷᠳᠤᠭ᠋ᠠᠨ᠎ᠤ ᠲᠠᠷᠢᠮᠠᠯ᠎ᠤᠨ ᠭᠠᠵᠠᠷ᠎ᠢ ᠬᠠᠭ᠋ᠠᠯᠪᠤᠷᠢᠯᠠᠬᠤ ᠦᠶ᠎ᠡ᠎ᠳᠤ᠎ᠪᠠᠨ ᠡᠷᠬᠡᠪᠰᠢ ᠰᠤᠩᠭᠤᠬᠤ ᠭᠠᠵᠠᠷ᠎ᠤᠨ ᠵᠶ᠋ᠠᠨ ᠪᠠᠢ᠌ᠭ᠋ᠠᠯᠢ ᠵᠢᠨ ᠪᠠᠢ᠌ᠳᠠᠯ᠎ᠢ ᠤᠢ᠌ᠯᠠᠭ᠋ᠠᠵᠤ᠂ ᠭᠠᠵᠠᠷ᠎ᠤᠨ ᠪᠠᠢ᠌ᠴᠠ᠂ ᠬᠦᠷᠦᠰᠦ ᠰᠢᠷᠤᠢ ᠵᠢᠨ ᠪᠦᠲᠦᠴᠡ᠂ ᠪᠠᠢ᠌ᠭ᠋ᠠᠯᠢ ᠵᠢᠨ ᠤᠷᠭᠤᠮᠠᠯ᠎ᠤᠨ ᠬᠤᠴᠢᠯᠭ᠎ᠠ ᠵᠡᠷᠭᠡ ᠵᠢ ᠤᠢ᠌ᠯᠠᠭ᠋ᠠᠵᠤ ᠡᠵᠡᠮᠰᠢᠬᠦ ᠬᠡᠷᠡᠭᠳᠡᠢ᠃ ᠬᠦᠷᠦᠰᠦ ᠰᠢᠷᠤᠢ ᠵᠢ ᠰᠤᠩᠭᠤᠬᠤ᠎ᠳᠠᠭᠠᠨ ᠲᠤᠤᠷᠠᠬᠢ ᠬᠡᠳᠦᠨ ᠲᠠᠯ᠎ᠠ ᠵᠢᠨ ᠠᠰᠠᠭᠤᠳᠠᠯ᠎ᠢ ᠠᠩᠬᠠᠷᠪᠠᠯ ᠵᠤᠬᠢᠨ᠎ᠠ᠃
ᠪᠠᠢ᠌ᠴᠠ ᠰᠠᠢ᠌ᠲᠠᠢ ᠭᠠᠵᠠᠷ᠎ᠢ ᠰᠤᠩᠭᠤᠬᠤ
ᠭᠤᠤᠯ ᠳᠠᠭ᠋ᠠᠤ ᠨᠦᠮᠦᠷᠢ ᠪᠦᠬᠦᠢ ᠱᠠᠲᠤᠯᠢᠭ ᠭᠠᠵᠠᠷ᠂ ᠬᠦᠨᠳᠡᠢ ᠲᠦᠬᠦᠮ᠂ ᠭᠤᠤᠯ᠎ᠤᠨ ᠰᠠᠢ᠌ᠷᠭ᠋ᠠᠯ᠂ ᠲᠠᠰᠢᠭᠤ ᠪᠡᠯ ᠬᠤᠷᠮᠤᠢ ᠪᠤᠯᠤᠨ ᠨᠠᠭᠤᠷ᠎ᠤᠨ ᠲᠤᠭᠤᠷᠢᠨ᠎ᠤ ᠭᠠᠵᠠᠷ ᠪᠤᠯ ᠬᠠᠮᠤᠭ᠎ᠤᠨ ᠰᠠᠢ᠌ᠨ ᠶᠤᠮ᠃ ᠬᠦᠷᠦᠰᠦᠨ᠎ᠤ ᠳᠠᠪᠬᠤᠷᠭ᠎ᠠ᠎ᠨᠢ ᠵᠤᠵᠠᠭ᠋ᠠᠨ᠂ ᠦᠩ ᠰᠢᠮᠡᠯᠢᠭ᠂ ᠬᠤᠵᠢᠷᠰᠢᠭ᠋ᠠᠳᠤᠢ ᠲᠡᠭᠰᠢᠬᠡᠨ ᠭᠠᠵᠠᠷ᠎ᠢ ᠰᠤᠩᠭᠤᠪᠠᠯ ᠵᠤᠬᠢᠨ᠎ᠠ᠃ ᠡᠯᠡᠰᠦᠷᠬᠡᠭ᠂ ᠰᠠᠯᠬᠢᠨ᠎ᠤ ᠠᠮᠠ ᠭᠠᠵᠠᠷ ᠶᠤᠮ ᠤᠤ᠂ ᠬᠦᠷᠦᠰᠦ ᠨᠢᠮᠬᠡᠨ᠂ ᠬᠡᠳᠦ ᠬᠤᠵᠢᠷᠰᠢᠭᠰᠠᠨ ᠭᠠᠵᠠᠷ᠎ᠢ ᠲᠠᠷᠢᠬᠤ ᠦᠭᠡᠢ ᠪᠤᠯ ᠰᠠᠢ᠌ᠨ᠃
ᠤᠰᠤᠯᠠᠯᠳᠠ ᠵᠢᠨ ᠨᠦᠬᠦᠴᠡᠯ᠎ᠲᠠᠢ ᠭᠠᠵᠠᠷ᠎ᠢ ᠰᠤᠩᠭᠤᠬᠤ
ᠭᠠᠩ ᠬᠠᠭᠤᠷᠠᠢ᠌ᠯᠢᠭ ᠭᠠᠵᠠᠷ᠎ᠲᠤ ᠡᠷᠬᠡᠪᠰᠢ ᠤᠰᠤᠯᠠᠯᠳᠠ ᠵᠢᠨ ᠨᠦᠬᠦᠴᠡᠯ ᠪᠠᠢ᠌ᠬᠤ ᠬᠡᠷᠡᠭᠳᠡᠢ᠃ ᠲᠡᠢ᠌ᠮᠤ ᠪᠢᠰᠢ ᠪᠤᠯ ᠬᠠᠭ᠋ᠠᠯᠪᠤᠷᠢᠯᠠᠬᠤ ᠪᠤᠶᠤ ᠡᠪᠡᠰᠦ ᠪᠡᠯᠴᠢᠭᠡᠷ᠂ ᠡᠪᠡᠰᠦ ᠪᠤᠷᠳᠤᠭ᠎ᠠ ᠲᠠᠷᠢᠵᠦ ᠪᠤᠯᠬᠤ ᠦᠭᠡᠢ᠃
ᠵᠠᠮ ᠲᠡᠭᠡᠭᠡᠪᠦᠷᠢ ᠵᠢᠨ ᠨᠦᠬᠦᠴᠡᠯ ᠰᠠᠢ᠌ᠲᠠᠢ ᠭᠠᠵᠠᠷ᠎ᠢ ᠰᠤᠩᠭᠤᠬᠤ
ᠰᠠᠭᠤᠭ᠋ᠠᠯᠢ ᠠᠷᠠᠳ᠎ᠤᠨ ᠲᠦᠪᠯᠡᠷᠡᠭᠰᠡᠨ ᠭᠠᠵᠠᠷ ᠪᠤᠯᠤᠨ ᠡᠪᠦᠯᠵᠢᠶ᠎ᠡ ᠬᠠᠪᠤᠷᠵᠢᠶ᠎ᠠ᠎ᠠᠴᠠ ᠤᠢ᠌ᠷ᠎ᠠ ᠲᠦᠳᠡ ᠭᠠᠵᠠᠷ᠎ᠢ ᠡᠷᠢᠪᠡᠯ ᠲᠡᠭᠡᠭᠡᠪᠦᠷᠢᠯᠡᠬᠦ ᠪᠤᠯᠤᠨ ᠬᠠᠳᠠᠭ᠋ᠠᠯᠠᠬᠤ᠎ᠳᠤ ᠳᠦᠬᠦᠮ᠃
ᠬ᠊ ᠊ᠠᠮ᠊ ᠊ᠠᠭ᠋ᠠᠯᠠᠯᠳᠠ ᠵᠢᠨ ᠠᠷᠭ᠎ᠠ ᠬᠡᠮᠵᠢᠶ᠎ᠡ ᠠᠪᠴᠤ ᠪᠤᠯᠬᠤ ᠭᠠᠵᠠᠷ᠎ᠢ ᠰᠤᠩᠭᠤᠬᠤ
ᠤᠴᠢᠷ᠎ᠨᠢ ᠬᠠᠭ᠋ᠠᠯᠪᠤᠷᠢᠯᠠᠭᠰᠠᠨ ᠭᠠᠵᠠᠷ᠎ᠲᠤ᠎ᠪᠠᠨ ᠠᠯᠬᠤᠮ ᠠᠯᠬᠤᠮ ᠵᠶ᠋ᠠᠷ ᠲᠤᠷᠤᠭ ᠮᠤᠳᠤ᠂ ᠪᠤᠲᠠ ᠮᠤᠳᠤ ᠬᠤᠯᠢᠯᠳᠤᠭᠰᠠᠨ ᠬᠠᠮᠠᠭ᠋ᠠᠯᠠᠯᠳᠠ ᠵᠢᠨ ᠤᠢ ᠪᠠᠢ᠌ᠭᠤᠯᠵᠤ᠂ ᠤᠢ ᠰᠢᠭᠤᠢ ᠵᠢᠨ ᠲᠤᠤᠷᠵᠢᠭᠤᠯᠤᠯᠳᠠ ᠪᠠ ᠡᠪᠡᠰᠦ ᠪᠤᠷᠳᠤᠭ᠎ᠠ ᠵᠢ ᠡᠭᠡᠯᠵᠢᠯᠡᠨ ᠲᠠᠷᠢᠬᠤ ᠵᠢ ᠪᠡᠶᠡᠯᠡᠬᠦᠯᠦᠨ᠎ᠡ᠃
ᠬᠠᠭ᠋ᠠᠯᠪᠤᠷᠢᠯᠠᠭᠰᠠᠨ ᠬᠦᠷᠦᠰᠦ ᠰᠢᠷᠤᠢ ᠵᠢᠨ ᠡᠯᠡᠰᠦᠵᠢᠬᠦ ᠵᠢ ᠰᠡᠷᠭᠡᠢ᠌ᠯᠡᠬᠦ ᠵᠢᠨ ᠲᠦᠯᠦᠭᠡ᠂ ᠪᠠᠭ᠎ᠠ ᠪᠠᠭ᠎ᠠ ᠬᠡᠰᠡᠭ ᠵᠶ᠋ᠡᠷ ᠲᠠᠷᠬᠠᠭ᠋ᠠᠵᠤ ᠬᠠᠭ᠋ᠠᠯᠪᠤᠷᠢᠯᠠᠪᠠᠯ ᠰᠠᠢ᠌ᠨ ᠶᠤᠮ᠃ ᠨᠢᠭᠡ ᠬᠡᠰᠡᠭ ᠬᠠᠭ᠋ᠠᠯᠪᠤᠷᠢᠯᠠᠪᠠᠯ ᠨᠢᠭᠡ ᠬᠡᠰᠡᠭ ᠵᠶ᠋ᠡᠨ ᠪᠠᠲᠤᠳᠬᠠᠨ᠂ ᠠᠯᠢ ᠴᠢᠳᠠᠬᠤ᠎ᠪᠠᠷ ᠨᠢᠭᠡᠴᠢ ᠲᠠᠯᠠᠪᠠᠢ ᠵᠢᠨ ᠭᠠᠷᠤᠯᠳᠠ ᠵᠢ ᠨᠡᠮᠡᠭᠳᠡᠬᠦᠯᠪᠡᠯ ᠵᠤᠬᠢᠨ᠎ᠠ᠃ ᠪᠦᠰᠡ ᠬᠡᠯᠪᠡᠷᠢ ᠪᠤᠶᠤ ᠬᠡᠰᠡᠭ᠎ᠲᠦ ᠬᠡᠯᠪᠡᠷᠢ᠎ᠪᠠᠷ ᠬᠠᠭ᠋ᠠᠯᠪᠤᠷᠢᠯᠠᠪᠠᠯ ᠰᠠᠢ᠌ᠨ᠂ ᠬᠡᠰᠡᠭ ᠪᠦᠷᠢ ᠵᠢ 500 ᠮᠦ᠍᠎ᠠᠴᠠ ᠬᠡᠲᠦᠷᠡᠬᠦᠯᠬᠦ ᠦᠭᠡᠢ ᠪᠠᠢ᠌ᠯᠭ᠋ᠠᠵᠤ᠂ ᠬᠡᠰᠡᠭ ᠪᠦᠷᠢ ᠵᠢᠨ ᠬᠤᠭᠤᠷᠤᠨᠳᠤ᠎ᠪᠠᠨ 15—20 ᠮᠸᠲᠷ᠎ᠤᠨ ᠡᠪᠡᠰᠦᠨ᠎ᠤ ᠪᠦᠰᠡ ᠦᠯᠡᠳᠡᠭᠡᠪᠡᠯ ᠬᠦᠷᠦᠰᠦ ᠰᠢᠷᠤᠢ ᠰᠠᠯᠬᠢᠨ᠎ᠳᠤ ᠢᠳᠡᠭᠳᠡᠬᠦ ᠦᠭᠡᠢ ᠪᠠᠢ᠌ᠳᠠᠭ᠃
ᠪᠤᠲᠠ ᠮᠤᠳᠤᠨ ᠤᠢ ᠪᠤᠶᠤ ᠦᠨᠳᠦᠷ ᠰᠠᠬᠤᠯᠢᠭ ᠡᠪᠡᠰᠦ ᠰᠢᠷᠠᠯᠵᠢ ᠤᠷᠭᠤᠳᠠᠭ ᠭᠠᠵᠠᠷ᠎ᠢ ᠤᠷᠪᠠᠭᠤᠯᠬᠤ᠎ᠠᠴᠠ ᠡᠮᠦᠨ᠎ᠡ ᠴᠤᠷᠮᠠᠳᠠᠬᠤ᠎ᠳᠠᠭᠠᠨ ᠨᠢᠭᠡᠳᠦᠯᠳᠡᠢ ᠵᠤᠬᠢᠶᠠᠨ ᠪᠠᠢ᠌ᠭᠤᠯᠵᠤ᠂ ᠵᠤᠬᠢᠰᠳᠠᠢ ᠪᠠᠢ᠌ᠷᠢᠯᠠᠭᠤᠯᠤᠨ᠂ ᠭᠠᠯ᠎ᠤᠨ ᠠᠶᠤᠯ᠎ᠢ ᠰᠡᠷᠭᠡᠢ᠌ᠯᠡᠬᠦ ᠬᠡᠷᠡᠭᠳᠡᠢ᠃
ᠤᠶᠤᠨ᠂ ᠨᠡᠷᠠᠨ᠂ ᠮᠦᠩᠬᠡ ᠨᠠᠷ᠎ᠤᠨ ᠤᠷᠴᠢᠭᠤᠯᠤᠨ ᠨᠠᠢ᠌ᠷᠠᠭᠤᠯᠤᠭᠰᠠᠨ 《ᠲᠡᠵᠢᠭᠡᠯ ᠡᠪᠡᠰᠦ ᠲᠠᠷᠢᠬᠤ ᠮᠡᠷᠭᠡᠵᠢᠯ》᠎ᠠᠴᠠ ᠡᠰᠢᠯᠡᠪᠡ᠃