ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠨᠡᠷᠡᠨ ᠬᠤᠸᠠᠷ ᠲᠠᠷᠢᠬᠤ ᠮᠡᠷᠭᠡᠵᠢᠯ
ᠨᠡᠶ᠋ᠢᠲᠡᠯᠡᠭᠰᠡᠨ ᠴᠠᠭ᠄ 2022-09-28

     1᠂ ᠭᠠᠵᠠᠷ ᠰᠣᠩᠭᠤᠵᠤ ᠭᠠᠵᠠᠷ ᠲᠡᠭᠰᠢᠯᠡᠬᠦ᠄ ᠨᠡᠷᠡᠨ ᠬᠤᠸᠠᠷ ᠲᠠᠷᠢᠬᠤ᠎ᠳᠠᠭᠠᠨ ᠭᠠᠵᠠᠷ ᠰᠢᠷᠣᠶ ᠵᠢ ᠲᠡᠭᠰᠢᠯᠡᠬᠦ᠂ ᠳᠤᠮᠳᠠ ᠵᠡᠷᠭᠡ ᠵᠢᠨ ᠦᠩ ᠰᠢᠮ᠎ᠡ᠎ᠲᠠᠢ᠂ ᠤᠰᠤᠯᠠᠬᠤ ᠪᠠ ᠤᠰᠤ ᠵᠠᠯᠠᠬᠤ᠎ᠳᠤ ᠳᠥᠭᠦᠮ᠂ ᠬᠥᠷᠥᠰᠥᠨ᠎ᠤ ᠨᠠᠭ᠋ᠠᠯᠳᠤᠩᠬᠠᠶ ᠴᠢᠨᠠᠷ ᠵᠶ᠋ᠠᠷ ᠬᠠᠷᠢᠴᠠᠩᠭᠤᠶ ᠪᠠᠭ᠎ᠠ ᠭᠠᠵᠠᠷ᠎ᠢ ᠰᠣᠩᠭᠤᠬᠤ ᠬᠡᠷᠡᠭᠲᠡᠶ᠂ ᠳᠠᠬᠢᠵᠤ ᠳᠠᠷᠢᠬᠤ᠎ᠳᠤ ᠲᠣᠬᠢᠷᠠᠮᠵᠢ ᠦᠭᠡᠢ᠃ ᠦᠷ᠎ᠡ ᠵᠢᠨ ᠬᠡᠯᠪᠡᠷᠢ᠎ᠪᠠᠷ ᠬᠤᠶ᠋ᠢᠴᠢ ᠦᠶ᠎ᠡ᠎ᠪᠠᠨ ᠦᠷᠡᠵᠢᠭᠦᠯᠵᠦ᠂ ᠳᠠᠷᠢᠬᠤ ᠦᠶ᠎ᠡ᠎ᠳᠡᠭᠡᠨ ᠬᠦᠯᠦᠷ᠎ᠡ ᠰᠢᠷᠣᠶ᠎ᠪᠠᠷ ᠦᠷᠡᠵᠢᠭᠦᠯᠪᠡᠯ ᠵᠣᠬᠢᠨ᠎ᠠ᠃ ᠲᠠᠷᠢᠬᠤ᠎ᠠᠴᠠ᠎ᠪᠠᠨ ᠡᠮᠦᠨ᠎ᠡ ᠰᠢᠨ᠎ᠡ ᠥᠨᠳᠥᠷ ᠥᠭᠡᠬᠦᠨ ᠬᠠᠯᠢᠰᠤ᠎ᠪᠠᠷ ᠦᠷ᠎ᠡ ᠬᠤᠯᠢᠪᠠᠯ ᠭᠠᠵᠠᠷ ᠳᠣᠣᠷᠠᠬᠢ ᠬᠤᠣᠷᠲᠤ ᠬᠤᠷᠣᠬᠠᠶ᠎ᠠᠴᠠ ᠵᠠᠶ᠋ᠢᠯᠠᠵᠤ᠂ ᠸᠢᠷᠦ᠋ᠰ᠎ᠤᠨ ᠬᠠᠯᠳᠠᠪᠤᠷᠢᠯᠠᠯ᠎ᠢ ᠲᠤᠰᠠᠭ᠋ᠠᠷᠯᠠᠵᠤ᠂ ᠦᠷ᠎ᠡ ᠵᠢᠨ ᠨᠠᠬᠢᠶᠠᠯᠠᠬᠤ ᠨᠤᠷᠮ᠎ᠠ ᠵᠢ ᠳᠡᠭᠡᠭᠰᠢᠯᠡᠭᠦᠯᠦᠨ᠎ᠡ᠃

     2᠂ ᠲᠣᠬᠢᠷᠠᠮᠵᠢᠲᠠᠶ ᠦᠶ᠎ᠡ᠎ᠳᠤ ᠳᠠᠷᠢᠬᠤ᠄ ᠨᠡᠷᠡᠨ ᠬᠤᠸᠠᠷ᠎ᠤᠨ ᠳᠠᠷᠢᠬᠤ ᠴᠠᠭ᠎ᠨᠢ ᠶᠡᠷᠦ᠎ᠳᠡᠭᠡᠨ 3~4 ᠰᠠᠷ᠎ᠠ ᠪᠠᠶ᠋ᠢᠵᠤ᠂ ᠳᠠᠷᠢᠬᠤ ᠳᠤᠯᠠᠭ᠋ᠠᠨ᠎ᠤ ᠬᠡᠮᠵᠢᠶ᠎ᠡ᠎ᠨᠢ 18~25℃ ᠪᠠᠶ᠋ᠢᠵᠤ᠂ ᠳᠠᠷᠢᠭᠰᠠᠨ᠎ᠤ ᠳᠠᠷᠠᠭ᠎ᠠ 5~7 ᠡᠳᠦᠷ᠎ᠤᠨ ᠳᠣᠲᠣᠷ᠎ᠠ ᠰᠣᠶᠣᠭ᠋ᠠᠯᠠᠳᠠᠭ᠃ ᠲᠠᠷᠢᠬᠤ ᠬᠤᠭᠤᠴᠠᠭ᠋ᠠᠨ᠎ᠤ ᠰᠣᠩᠭᠤᠯᠲᠠ ᠵᠢᠨ ᠦᠨᠳᠦᠰᠦᠨ ᠵᠠᠷᠴᠢᠮ ᠪᠣᠯ ᠬᠤᠵᠢᠷ᠎ᠤᠨ ᠡᠭᠦᠰᠬᠦ ᠵᠢᠮ᠎ᠡ ᠶᠣᠰᠣ ᠵᠢ ᠦᠨᠳᠦᠰᠦᠯᠡᠵᠦ᠂ ᠵᠣᠬᠢᠬᠤ ᠬᠡᠮᠵᠢᠶ᠎ᠡ᠎ᠪᠠᠷ ᠡᠷᠲᠡ ᠲᠠᠷᠢᠬᠤ ᠪᠤᠶᠤ ᠣᠷᠣᠢ ᠲᠠᠷᠢᠵᠤ᠂ ᠨᠢᠯᠬ᠎ᠠ ᠴᠢᠬᠢ ᠵᠢ ᠬᠤᠵᠢᠷ᠎ᠠᠴᠠ ᠵᠠᠶ᠋ᠢᠯᠠᠭᠤᠯᠤᠨ᠎ᠠ᠃ ᠡᠭᠦᠯᠳᠡᠷ᠎ᠤᠨ ᠦᠷᠡᠵᠢᠯ᠎ᠤᠨ ᠬᠤᠭᠤᠴᠠᠭ᠎ᠠ ᠵᠢ ᠦᠨᠳᠦᠰᠦᠯᠡᠨ ᠬᠠᠪᠤᠷ᠎ᠤᠨ ᠲᠠᠷᠢᠶᠠᠯᠠᠭ᠎ᠠ ᠪᠤᠶᠤ ᠵᠤᠨ᠎ᠤ ᠲᠠᠷᠢᠶᠠᠯᠠᠭ᠎ᠠ ᠬᠢᠨ᠎ᠡ᠃

     3᠂ ᠲᠠᠷᠢᠶ᠎ᠠ ᠵᠢ ᠪᠠᠶ᠋ᠢᠴᠠᠭ᠋ᠠᠵᠤ ᠴᠢᠬᠢ ᠵᠢ ᠨᠥᠬᠦᠪᠥᠷᠢᠯᠡᠬᠦ᠄ ᠨᠡᠷᠡᠨ ᠬᠤᠸᠠᠷ ᠪᠣᠯ ᠬᠤᠶᠠᠷ ᠦᠷ᠎ᠡ ᠵᠢᠨ ᠲᠠᠯ᠎ᠠ᠎ᠲᠠᠢ ᠲᠠᠷᠢᠮᠠᠯ᠂ ᠬᠥᠷᠥᠰᠥᠨ᠎ᠠᠴᠠ ᠴᠢᠬᠢ ᠭᠠᠷᠭ᠋ᠠᠬᠤ᠎ᠳᠤ ᠨᠡᠯᠢᠶᠡᠳ ᠬᠦᠴᠢᠷᠲᠡᠶ᠂ ᠳᠡᠭᠡᠷ᠎ᠡ᠎ᠨᠢ ᠭᠠᠵᠠᠷ ᠲᠡᠭᠰᠢᠯᠡᠭᠰᠡᠨ᠎ᠤ ᠳᠡᠭᠡᠷ᠎ᠡ᠂ ᠲᠠᠷᠢᠬᠤ ᠴᠢᠨᠠᠷ᠎ᠨᠢ ᠥᠨᠳᠥᠷ ᠪᠢᠰᠢ ᠪᠤᠶᠤ ᠲᠠᠷᠢᠭᠰᠠᠨ᠎ᠤ ᠳᠠᠷᠠᠭ᠎ᠠ ᠪᠣᠷᠣᠭ᠋ᠠᠨ᠎ᠤ ᠭᠠᠳᠠᠷᠭᠤ᠎ᠳᠤ ᠬᠥᠷᠥᠰᠥ ᠬᠠᠲᠠᠭᠤᠷᠠᠬᠤ᠂ ᠡᠰᠡᠬᠦᠯ᠎ᠡ ᠡᠪᠡᠳᠴᠢᠨ᠂ ᠬᠤᠷᠣᠬᠠᠶ᠂ ᠬᠤᠯᠤᠭ᠋ᠠᠨ᠎ᠠ᠂ ᠪᠢᠯᠵᠤᠤᠬᠠᠢ ᠵᠡᠷᠭᠡ ᠵᠢᠨ ᠬᠤᠣᠷᠳᠠᠭᠤᠯᠤᠯ᠎ᠠᠴᠠ ᠪᠤᠯᠵᠤ ᠴᠢᠬᠢ ᠳᠤᠲᠠᠭᠳᠠᠨ ᠳᠠᠯᠠᠩ᠎ᠢ᠎ᠨᠢ ᠲᠠᠰᠤᠯᠬᠤ᠎ᠳᠤ ᠬᠦᠷᠦᠨ᠎ᠡ᠃ ᠨᠢᠭᠡ ᠯᠡ ᠳᠡᠭᠡᠷ᠎ᠡ ᠪᠦᠬᠦ ᠴᠢᠬᠢ ᠵᠢ ᠲᠠᠷᠢᠬᠤ ᠵᠢ ᠪᠠᠲᠤᠯᠠᠬᠤ ᠵᠢᠨ ᠲᠥᠯᠥᠭᠡ᠂ ᠴᠢᠬᠢᠯᠡᠬᠦ ᠬᠤᠭᠤᠴᠠᠭ᠋ᠠᠨ᠎ᠳᠤ ᠡᠷᠬᠡᠪᠰᠢ ᠮᠥᠷ ᠳᠠᠷᠠᠭ᠋ᠠᠯᠠᠨ ᠪᠠᠶ᠋ᠢᠴᠠᠭ᠋ᠠᠬᠤ ᠬᠡᠷᠡᠭᠲᠡᠶ᠂ ᠬᠡᠰᠡᠭ ᠬᠡᠰᠡᠭ ᠵᠶ᠋ᠠᠷ ᠴᠢᠬᠢ ᠳᠤᠲᠠᠭᠳᠠᠭᠰᠠᠨ᠎ᠢ ᠴᠠᠭ ᠲᠤᠬᠠᠶ᠎ᠳᠤᠨᠢ ᠨᠥᠬᠦᠵᠦ ᠲᠠᠷᠢᠬᠤ ᠬᠡᠷᠡᠭᠲᠡᠶ᠃

     4᠂ ᠴᠢᠬᠢ ᠠᠯᠠᠭᠯᠠᠨ ᠴᠢᠬᠢ ᠲᠣᠭᠲᠠᠭ᠋ᠠᠬᠤ᠄ ᠨᠡᠷᠡᠨ ᠬᠤᠸᠠᠷ ᠲᠠᠷᠢᠬᠤ᠎ᠳᠠᠭᠠᠨ ᠴᠢᠬᠢ ᠵᠢ ᠡᠷᠲᠡ᠎ᠠᠴᠠ ᠵᠠᠪᠰᠠᠷᠯᠠᠵᠤ᠂ ᠴᠢᠬᠢ ᠵᠢᠨ ᠴᠢᠬᠢ ᠵᠢ ᠰᠢᠬᠠᠵᠤ ᠪᠤᠶ᠋ᠢᠵᠢᠭᠤᠯᠬᠤ ᠵᠢ ᠨᠥᠯᠥᠭᠡᠯᠡᠬᠦ᠎ᠠᠴᠠ ᠰᠡᠷᠭᠡᠶ᠋ᠢᠯᠡᠵᠦ᠂ ᠴᠢᠨᠠᠭᠰᠢᠯᠠᠪᠠᠯ ᠬᠤᠵᠢᠮ᠎ᠤᠨ ᠤᠨᠠᠯᠲᠠ ᠵᠢ ᠨᠥᠯᠥᠭᠡᠯᠡᠨ᠎ᠡ᠂ ᠬᠤᠵᠢᠷᠯᠢᠬ ᠭᠠᠵᠠᠷ ᠪᠠ ᠬᠤᠷᠣᠬᠠᠶ ᠵᠢᠨ ᠬᠥᠨᠥᠭᠡᠯ ᠶᠡᠬᠡᠲᠡᠶ ᠭᠠᠵᠠᠷ᠎ᠤᠨ ᠴᠢᠬᠢ ᠵᠢ ᠲᠣᠭᠲᠠᠭ᠋ᠠᠬᠤ ᠬᠤᠭᠤᠴᠠᠭ᠎ᠠ ᠵᠢ ᠵᠣᠬᠢᠰᠲᠠᠶ᠎ᠪᠠᠷ ᠬᠤᠶ᠋ᠢᠰᠢᠯᠠᠭᠤᠯᠵᠤ ᠪᠣᠯᠤᠨ᠎ᠠ᠃ ᠡᠭᠦᠨ᠎ᠤ ᠬᠠᠮᠲᠤ ᠨᠠᠷᠠᠩᠬᠤᠸᠠᠷ᠎ᠤᠨ ᠴᠢᠬᠢ ᠵᠢ ᠡᠷᠲᠡ᠎ᠠᠴᠠ ᠲᠣᠭᠲᠠᠭ᠋ᠠᠬᠤ᠎ᠨᠢ ᠢᠳᠡᠷᠡᠭᠦᠨ ᠴᠢᠬᠢ ᠵᠢ ᠪᠤᠶ᠋ᠢᠵᠢᠭᠤᠯᠬᠤ᠎ᠳᠤ ᠠᠰᠢᠭᠲᠠᠶ᠂ ᠴᠡᠴᠡᠭ᠎ᠤᠨ ᠲᠠᠪᠠᠭ᠎ᠤᠨ ᠪᠤᠶ᠋ᠢᠵᠢᠯᠲᠠ᠎ᠳᠤ ᠴᠤ᠌ ᠠᠰᠢᠭᠲᠠᠶ᠂ ᠴᠢᠬᠢ ᠵᠢ 2 ᠬᠤᠣᠰ ᠵᠢᠩᠬᠢᠨᠢ ᠨᠠᠪᠴᠢ ᠵᠢᠨ ᠦᠶ᠎ᠡ᠎ᠳᠤ ᠲᠣᠭᠲᠠᠭ᠋ᠠᠪᠠᠯ ᠵᠣᠬᠢᠨ᠎ᠠ᠃

     5᠂ ᠳᠤᠮᠳᠠ ᠵᠡᠷᠭᠡ ᠵᠢᠨ ᠲᠠᠷᠢᠶᠠᠯᠠᠭ᠎ᠠ᠎ᠪᠠᠷ ᠡᠪᠡᠰᠦ ᠠᠷᠢᠯᠭ᠋ᠠᠬᠤ᠄ ᠨᠡᠷᠡᠨ ᠬᠤᠸᠠᠷ᠎ᠢ ᠶᠡᠷᠦ᠎ᠳᠡᠭᠡᠨ 2~3 ᠤᠳᠠᠭ᠎ᠠ ᠳᠤᠮᠳᠠ ᠵᠡᠷᠭᠡ ᠵᠢᠨ ᠲᠠᠷᠢᠶᠠᠯᠠᠭ᠎ᠠ᠎ᠳᠤ ᠡᠪᠡᠰᠦ ᠠᠷᠢᠯᠭ᠋ᠠᠵᠤ ᠬᠥᠷᠥᠰᠥ ᠵᠢ ᠰᠤᠯᠠᠷᠠᠭᠤᠯᠬᠤ᠂ ᠬᠠᠪᠲᠠᠰᠤᠨ᠎ᠤ ᠵᠠᠩᠭᠢᠷᠠᠭ᠎ᠠ ᠵᠢ ᠠᠷᠢᠯᠭ᠋ᠠᠬᠤ᠂ ᠤᠰᠤ ᠬᠠᠳᠠᠭ᠋ᠠᠯᠠᠬᠤ ᠵᠢ ᠪᠠᠲᠤᠯᠠᠬᠤ᠂ ᠠᠭᠤᠷᠰᠢᠯᠲᠠ ᠵᠢ ᠪᠠᠭ᠋ᠠᠰᠬᠠᠬᠤ᠂ ᠬᠤᠵᠢᠷ᠎ᠤᠨ ᠬᠥᠨᠥᠭᠡᠯ᠎ᠢ ᠪᠠᠭ᠋ᠠᠰᠬᠠᠬᠤ ᠵᠡᠷᠭᠡ ᠦᠢ᠍ᠯᠡᠳᠦᠯ᠎ᠲᠠᠢ᠂ ᠨᠢᠭᠡᠳᠦᠭᠡᠷ ᠤᠳᠠᠭ᠋ᠠᠨ᠎ᠤ ᠳᠤᠮᠳᠠ ᠵᠡᠷᠭᠡ ᠵᠢᠨ ᠲᠠᠷᠢᠶᠠᠯᠠᠭ᠎ᠠ ᠵᠢ 1~2 ᠬᠤᠣᠰ ᠵᠢᠩᠬᠢᠨᠢ ᠨᠠᠪᠴᠢ᠎ᠲᠠᠢ ᠤᠶᠠᠯᠳᠤᠭᠤᠯᠤᠨ ᠴᠢᠬᠢ ᠲᠣᠭᠲᠠᠭ᠋ᠠᠨ᠎ᠠ᠂ ᠬᠤᠶᠠᠳᠤᠭ᠋ᠠᠷ ᠤᠳᠠᠭ᠋ᠠᠨ᠎ᠤ ᠳᠤᠮᠳᠠ ᠵᠡᠷᠭᠡ ᠵᠢᠨ ᠲᠠᠷᠢᠶᠠᠯᠠᠭ᠎ᠠ ᠵᠢ ᠴᠢᠬᠢ ᠲᠣᠭᠲᠠᠭ᠋ᠠᠭᠰᠠᠨ᠎ᠤ ᠳᠠᠷᠠᠭ᠋ᠠᠬᠢ ᠨᠢᠭᠡ ᠭᠠᠷᠠᠭ᠎ᠲᠤ ᠬᠢᠵᠦ᠂ ᠭᠤᠷᠪᠠᠳᠤᠭ᠋ᠠᠷ ᠤᠳᠠᠭ᠋ᠠᠨ᠎ᠤ ᠳᠤᠮᠳᠠ ᠵᠡᠷᠭᠡ ᠵᠢᠨ ᠲᠠᠷᠢᠶᠠᠯᠠᠭ᠎ᠠ ᠵᠢ ᠳᠠᠯᠠᠩ᠎ᠢ ᠪᠢᠲᠡᠭᠦᠮᠵᠢᠯᠡᠬᠦ᠎ᠠᠴᠠ ᠡᠮᠦᠨ᠎ᠡ ᠭᠤᠤ ᠭᠠᠷᠭ᠋ᠠᠬᠤ᠂ ᠰᠢᠷᠣᠶ ᠨᠡᠮᠡᠬᠦ᠂ ᠪᠣᠷᠳᠣᠭᠤᠷ ᠣᠷᠣᠭᠤᠯᠬᠤ ᠵᠢ ᠤᠶᠠᠯᠳᠤᠭᠤᠯᠤᠨ ᠬᠢᠵᠦ ᠳᠠᠭᠤᠰᠬᠠᠨ᠎ᠠ᠃

     6᠂ ᠭᠤᠤ ᠭᠠᠷᠭ᠋ᠠᠵᠤ ᠪᠤᠷᠳᠤᠭᠤᠷ ᠨᠡᠮᠡᠬᠦ᠄ ᠨᠡᠷᠡᠨ ᠬᠤᠸᠠᠷ ᠪᠤᠷᠳᠤᠭᠤᠷ ᠨᠡᠮᠡᠬᠦ᠎ᠳᠤ ᠨᠡᠯᠢᠶᠡᠳ ᠳᠤᠷᠠᠲᠠᠶ᠂ ᠭᠤᠤ ᠭᠠᠷᠭ᠋ᠠᠵᠤ ᠪᠤᠷᠳᠤᠭᠤᠷ ᠨᠡᠮᠡᠬᠦ ᠵᠢ ᠶᠡᠷᠦ᠎ᠳᠡᠭᠡᠨ ᠭᠤᠷᠪᠠᠳᠤᠭ᠋ᠠᠷ ᠤᠳᠠᠭ᠎ᠠ ᠵᠢᠨ ᠳᠤᠮᠳᠠ ᠵᠡᠷᠭᠡ ᠵᠢᠨ ᠲᠠᠷᠢᠶᠠᠯᠠᠭ᠎ᠠ ᠵᠢᠨ ᠦᠶ᠎ᠡ᠎ᠳᠤ ᠬᠢᠵᠦ᠂ ᠠᠽᠣᠲ ᠹᠣᠰᠹᠣᠷ ᠪᠤᠷᠳᠤᠭᠤᠷ ᠵᠶ᠋ᠠᠷ ᠭᠤᠣᠯᠯᠠᠵᠤ᠂ ᠮᠦ᠍ ᠪᠦᠷᠢ ᠵᠢᠨ ᠹᠣᠰᠹᠣᠷ ᠬᠦᠴᠢᠯ᠎ᠤᠨ ᠬᠤᠶᠠᠷᠴᠢ ᠠᠮᠮᠣᠨᠢ 5 ᠺᠢᠯᠣᠭ᠌ᠷᠠᠮ᠂ ᠰᠢᠭᠡᠰᠦᠯᠢᠭ ᠡᠳ᠋ 10 ᠺᠢᠯᠣᠭ᠌ᠷᠠᠮ᠂ ᠵᠢᠭᠳᠡ ᠬᠤᠯᠢᠭ᠋ᠠᠳ ᠬᠥᠷᠥᠰᠥᠨ᠎ᠳᠤ ᠤᠷᠤᠭᠤᠯᠳᠠᠭ ᠪᠠᠶ᠋ᠢᠨ᠎ᠠ᠃ ᠭᠤᠤ ᠵᠢ ᠨᠡᠭᠡᠭᠡᠵᠦ ᠰᠢᠷᠣᠶ ᠨᠡᠮᠡᠬᠦ᠎ᠪᠠᠷ ᠳᠠᠮᠵᠢᠨ ᠳᠡᠳ᠋ ᠦᠨᠳᠦᠰᠦ ᠵᠢᠨ ᠥᠰᠥᠯᠲᠡ ᠪᠤᠶ᠋ᠢᠵᠢᠯᠲᠠ ᠵᠢ ᠪᠦᠲᠦᠮᠵᠢᠲᠡᠶ ᠪᠠᠲᠤᠯᠠᠵᠤ᠂ ᠨᠠᠯᠠᠨ ᠤᠨᠠᠬᠤ ᠵᠢ ᠰᠡᠷᠭᠡᠶ᠋ᠢᠯᠡᠨ᠂ ᠦᠷ᠎ᠡ ᠵᠢᠨ ᠲᠠᠯ᠎ᠠ ᠵᠢᠨ ᠦᠶ᠎ᠡ᠎ᠠᠴᠠ ᠳᠣᠷᠣᠭᠰᠢᠬᠢ ᠰᠠᠭᠤᠷᠢ ᠬᠡᠰᠡᠭ᠎ᠤᠨ ᠰᠠᠯᠠᠭ᠎ᠠ ᠵᠢ ᠪᠠᠭ᠋ᠠᠰᠬᠠᠨ᠎ᠠ᠃

     7᠂ ᠲᠣᠬᠢᠷᠠᠮᠵᠢᠲᠠᠶ ᠦᠶ᠎ᠡ᠎ᠳᠤ ᠤᠰᠤᠯᠠᠬᠤ᠄ ᠨᠡᠷᠡᠨ ᠬᠤᠸᠠᠷ᠎ᠤᠨ ᠤᠰᠤᠯᠠᠯᠲᠠ᠎ᠳᠤ ᠭᠤᠤ ᠰᠤᠪᠠᠭ ᠵᠶ᠋ᠠᠷ ᠤᠰᠤᠯᠠᠬᠤ ᠠᠷᠭ᠎ᠠ ᠵᠢ ᠬᠡᠷᠡᠭᠯᠡᠨ᠎ᠡ᠂ ᠡᠩ᠎ᠤᠨ ᠪᠠᠶ᠋ᠢᠳᠠᠯ᠎ᠳᠤ 105 ᠮᠸᠲᠷ ᠥᠨᠳᠥᠷ ᠤᠷᠭᠤᠮᠠᠯ᠎ᠤᠨ ᠲᠦᠷᠦᠯ᠎ᠤᠨ ᠲᠣᠯᠣᠭ᠋ᠠᠶ ᠵᠢᠨ ᠤᠰᠤ ᠵᠢ ᠴᠣᠮᠣᠷᠯᠢᠭ᠎ᠤᠨ ᠬᠤᠭᠤᠴᠠᠭ᠋ᠠᠨ᠎ᠳᠤ ᠬᠢᠵᠦ᠂ ᠬᠤᠶᠠᠳᠤᠭ᠋ᠠᠷ ᠤᠰᠤ ᠵᠢ ᠴᠡᠴᠡᠭᠯᠡᠬᠦ ᠡᠬᠢᠨ᠎ᠤ ᠬᠤᠭᠤᠴᠠᠭ᠋ᠠᠨ᠎ᠳᠤ ᠬᠡᠷᠡᠭᠯᠡᠵᠦ᠂ ᠭᠤᠷᠪᠠᠳᠤᠭ᠋ᠠᠷ ᠤᠰᠤ ᠵᠢ ᠡᠭᠡᠳᠡᠩ ᠴᠢᠳᠬᠤᠬᠤ ᠬᠤᠭᠤᠴᠠᠭ᠋ᠠᠨ᠎ᠳᠤ ᠬᠡᠷᠡᠭᠯᠡᠨ᠎ᠡ᠃ 2 ᠮᠸᠲᠷ ᠣᠷᠴᠢᠮ᠎ᠤᠨ ᠥᠨᠳᠥᠷ ᠤᠷᠭᠤᠮᠠᠯ᠎ᠤᠨ ᠲᠦᠷᠦᠯ᠎ᠤᠨ ᠲᠣᠯᠣᠭ᠋ᠠᠶ ᠵᠢᠨ ᠤᠰᠤ ᠵᠢ ᠴᠡᠴᠡᠭ ᠳᠡᠯᠭᠡᠷᠡᠬᠦ᠎ᠠᠴᠠ ᠡᠮᠦᠨ᠎ᠡ 4~5 ᠡᠳᠦᠷ᠎ᠲᠤ (ᠭᠠᠩ ᠬᠠᠭᠰᠠᠷᠠᠭ᠋ᠠᠨ᠎ᠤ ᠪᠠᠶ᠋ᠢᠳᠠᠯ ᠬᠦᠨᠳᠦ ᠬᠡᠴᠡᠭᠦᠦ᠂ ᠤᠰᠤ ᠣᠷᠣᠭᠤᠯᠬᠤ᠎ᠠᠴᠠ ᠤᠷᠢᠳᠴᠢᠯᠠᠨ᠎ᠠ)᠂ ᠬᠤᠶᠠᠷ ᠵᠦᠢ᠍ᠯ᠎ᠤᠨ ᠤᠰᠤ ᠵᠢ ᠲᠣᠯᠣᠭ᠋ᠠᠶ ᠵᠢᠨ ᠤᠰᠤᠨ᠎ᠤ ᠬᠤᠶ᠋ᠢᠨ᠎ᠠ 6~7 ᠡᠳᠦᠷ᠎ᠲᠤ ᠬᠡᠷᠡᠭᠯᠡᠵᠦ᠂ ᠭᠤᠷᠪᠠᠨ ᠵᠦᠢ᠍ᠯ᠎ᠤᠨ ᠤᠰᠤ ᠵᠢ ᠡᠭᠡᠳᠡᠩ ᠴᠢᠳᠬᠤᠬᠤ ᠬᠤᠭᠤᠴᠠᠭ᠋ᠠᠨ᠎ᠳᠤ ᠬᠡᠷᠡᠭᠯᠡᠨ᠎ᠡ᠃

     8᠂ ᠲᠣᠭᠤᠰᠣ ᠬᠦᠷᠲᠡᠭᠡᠬᠦ ᠬᠠᠮᠢᠶᠠᠷᠤᠯᠲᠠ᠄ ᠨᠡᠷᠡᠨ ᠬᠤᠸᠠᠷ᠎ᠤᠨ ᠥᠪᠡᠷᠲᠡᠭᠡᠨ ᠲᠣᠭᠤᠰᠣ ᠬᠦᠷᠲᠡᠭᠡᠬᠦ ᠨᠣᠷᠮ᠎ᠠ᠎ᠨᠢ ᠳᠣᠤᠷ᠎ᠠ᠂ ᠪᠤᠰᠤᠳ ᠴᠡᠴᠡᠭ᠎ᠠᠴᠠ ᠲᠣᠭᠤᠰᠣ ᠬᠦᠷᠲᠡᠭᠡᠬᠦ ᠨᠣᠷᠮ᠎ᠠ᠎ᠨᠢ ᠥᠨᠳᠥᠷ᠂ ᠳᠠᠷᠢᠵᠤ ᠪᠤᠶ᠋ᠢᠵᠢᠭᠤᠯᠬᠤ᠎ᠳᠠᠭᠠᠨ ᠴᠠᠭ ᠲᠤᠬᠠᠶ᠎ᠳᠤᠨᠢ ᠬᠥᠮᠦᠨ᠎ᠤ ᠬᠦᠴᠦ᠎ᠪᠠᠷ ᠲᠣᠭᠤᠰᠣ ᠬᠦᠷᠲᠡᠭᠡᠬᠦ ᠬᠡᠷᠡᠭᠲᠡᠶ᠂ ᠴᠡᠴᠡᠭ᠎ᠤᠨ ᠲᠠᠪᠠᠭ᠂ ᠨᠤᠨᠲᠠᠭ᠎ᠤᠨ ᠦᠷ᠎ᠡ᠂ ᠬᠥᠪᠥᠩ ᠤᠲᠠᠰᠤᠨ᠎ᠤ ᠪᠡᠭᠡᠯᠡᠶ ᠵᠡᠷᠭᠡ ᠠᠷᠭ᠎ᠠ᠎ᠪᠠᠷ ᠲᠣᠭᠤᠰᠣ ᠬᠦᠷᠲᠡᠭᠡᠬᠦ ᠪᠤᠶᠤ ᠡᠴᠢᠭᠡ ᠪᠡᠶ᠎ᠡ ᠵᠢᠨ ᠴᠡᠴᠡᠭ᠎ᠤᠨ ᠲᠣᠭᠤᠰᠣ ᠵᠢ ᠴᠤᠭᠯᠠᠭᠤᠯᠵᠤ ᠵᠢᠵᠢᠭ ᠱᠤᠸᠠᠰᠠ᠎ᠪᠠᠷ ᠡᠬᠡ ᠪᠡᠶ᠎ᠡ ᠵᠢᠨ ᠪᠠᠭ᠋ᠠᠨ᠎ᠠ ᠳᠡᠭᠡᠷ᠎ᠡ ᠬᠥᠩᠭᠡᠬᠡᠨ ᠳᠦᠷᠭᠢᠵᠦ᠂ ᠴᠡᠴᠡᠭ ᠳᠡᠯᠭᠡᠷᠡᠬᠦ ᠬᠤᠭᠤᠴᠠᠭ᠋ᠠᠨ᠎ᠳᠤ 3~4 ᠤᠳᠠᠭ᠎ᠠ ᠲᠣᠭᠤᠰᠣ ᠬᠦᠷᠲᠡᠭᠡᠬᠦ ᠬᠡᠷᠡᠭᠲᠡᠶ᠃

ᠢᠷᠡᠯᠲᠡ᠄ ᠳᠣᠮᠳᠠᠳᠣ ᠣᠯᠣᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠡᠷᠳᠡᠨᠢ ᠰᠢᠰᠢ ᠵᠢᠨ ᠬᠠᠷ᠎ᠠ ᠲᠤᠭᠤᠰᠤᠲᠤ ᠡᠪᠡᠳᠴᠢᠨ᠎ᠢ ᠰᠡᠷᠭᠡᠶ᠋ᠢᠯᠡᠨ ᠵᠠᠰᠠᠬᠤ ᠠᠷᠭ᠎ᠠ
ᠨᠠᠷᠠᠰᠤᠨ ᠮᠤᠳᠤᠨ᠎ᠤ ᠦᠷ᠎ᠡ ᠵᠢ ᠶᠠᠭ᠋ᠠᠬᠢᠵᠦ ᠴᠤᠭᠯᠠᠭᠤᠯᠬᠤ ᠪᠤᠢ
ᠤᠢ᠌ᠲᠦ ᠪᠤᠰᠤ ᠤᠷᠤᠨ᠎ᠤ ᠤᠢ ᠮᠣᠳᠣᠨ᠎ᠤ ᠰᠠᠯᠠᠭ᠎ᠠ ᠨᠠᠮᠠᠭ᠎ᠠ ᠵᠢ ᠵᠠᠰᠠᠬᠤ ᠪᠤᠶᠤ ᠤᠢ ᠮᠤᠳᠤ ᠵᠢ ᠣᠭᠲᠣᠯᠬᠤ᠎ᠳᠤ ᠤᠢ ᠰᠢᠭᠤᠢ ᠵᠢᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠵᠶ᠋ᠠᠷ ᠬᠢᠨᠠᠨ ᠵᠦᠪᠰᠢᠶᠡᠷᠡᠬᠦᠯᠬᠦ ᠴᠢᠬᠤᠯᠠᠳᠠᠢ ᠦᠦ? ᠬᠣᠯᠪᠣᠭᠳᠠᠯ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ ᠪᠠᠢ᠌ᠨᠤ?
ᠲᠦᠷ ᠴᠠᠭ ᠣᠶ᠋ᠢᠲᠤ ᠭᠠᠵᠠᠷ᠎ᠢ ᠡᠵᠡᠯᠡᠨ ᠬᠡᠷᠡᠭᠯᠡᠬᠦ᠎ᠳᠤ ᠬᠡᠳᠦ ᠤᠳᠠᠭ᠎ᠠ ᠦᠷᠬᠦᠯᠵᠢᠯᠡᠨ ᠬᠡᠷᠡᠭᠯᠡᠵᠦ ᠪᠣᠯᠬᠤ ᠪᠤᠢ
ᠳᠠᠷᠢᠮᠠᠯ᠎ᠤᠨ ᠭᠠᠩ᠎ᠢ ᠡᠰᠡᠷᠬᠦᠴᠡᠬᠦ ᠠᠷᠭ᠎ᠠ ᠪᠠᠷᠢᠯ᠎ᠳᠤ ᠶᠠᠮᠠᠷ ᠬᠡᠳᠥᠨ ᠵᠥᠢ᠍ᠯ ᠪᠠᠶ᠋ᠢᠳᠠᠭ ᠪᠤᠢ
 
             蒙ICP备05000248号