ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠦᠷ᠎ᠡ᠎ᠠᠴᠠ ᠭᠠᠷᠤᠭᠰᠠᠨ ᠴᠢᠬᠢ ᠮᠤᠳᠤ ᠵᠢ ᠪᠤᠢ᠌ᠵᠢᠭᠤᠯᠬᠤ
ᠨᠡᠶ᠋ᠢᠲᠡᠯᠡᠭᠰᠡᠨ ᠴᠠᠭ᠄ 2024-07-18


    ᠦᠷ᠎ᠡ ᠬᠠᠶᠠᠵᠤ ᠪᠤᠢ᠌ᠵᠢᠭᠤᠯᠵᠤ ᠭᠠᠷᠭ᠋ᠠᠭᠰᠠᠨ ᠴᠢᠬᠢ ᠮᠤᠳᠤ ᠵᠢ ᠪᠦᠷ ᠦᠷ᠎ᠡ᠎ᠠᠴᠠ ᠭᠠᠷᠤᠭᠰᠠᠨ ᠴᠢᠬᠢ ᠮᠤᠳᠤ ᠭᠡᠨ᠎ᠡ᠃ ᠲᠡᠭᠦᠨ᠎ᠤ ᠦᠷᠡᠵᠢᠯᠲᠡ ᠵᠢᠨ ᠠᠷᠭ᠎ᠠ ᠮᠠᠶᠢᠭ᠎ᠨᠢ ᠲᠦᠭᠦᠮᠬᠡᠨ᠂ ᠡᠵᠡᠮᠰᠢᠬᠦ᠎ᠳᠤ ᠬᠢᠯᠪᠠᠷ᠂ ᠦᠷ᠎ᠡ ᠵᠢᠨ ᠢᠷᠡᠯᠲᠠ᠎ᠨᠢ ᠡᠯᠪᠡᠭ ᠲᠤᠯᠠ ᠶᠡᠬᠡ ᠬᠡᠮᠵᠢᠶ᠎ᠡ᠎ᠪᠠᠷ ᠦᠷᠡᠵᠢᠬᠦᠯᠬᠦ᠎ᠳᠤ ᠲᠤᠬᠢᠷᠠᠳᠠᠭ᠃ ᠦᠷ᠎ᠡ᠎ᠠᠴᠠ ᠭᠠᠷᠤᠭᠰᠠᠨ ᠴᠢᠬᠢ ᠮᠤᠳᠤᠨ᠎ᠤ ᠦᠨᠳᠦᠰᠦᠨ ᠰᠢᠰᠲᠸᠮ᠎ᠨᠢ ᠬᠦᠭᠵᠢᠩᠬᠦᠢ᠂ ᠬᠦᠷᠦᠰᠦᠨ ᠳᠡᠭᠡᠷᠡᠬᠢ ᠬᠡᠰᠡᠭ᠎ᠤᠨ ᠤᠷᠭᠤᠯᠳᠠ᠎ᠨᠢ ᠢᠳᠡᠷᠡᠬᠦᠨ᠂ ᠤᠷᠴᠢᠨ ᠲᠤᠭᠤᠷᠢᠨ᠎ᠤ ᠨᠦᠬᠦᠴᠡᠯ᠎ᠳᠤ ᠵᠤᠬᠢᠴᠠᠯᠳᠤᠬᠤ ᠴᠢᠨᠠᠷ ᠵᠶ᠋ᠠᠷ ᠴᠢᠩᠭ᠎ᠠ ᠪᠠᠢ᠌ᠳᠠᠭ᠃ ᠡᠢ᠌ᠮᠦ᠎ᠠᠴᠠ ᠦᠷ᠎ᠡ᠎ᠠᠴᠠ ᠭᠠᠷᠤᠭᠰᠠᠨ ᠴᠢᠬᠢ ᠮᠤᠳᠤ᠎ᠨᠢ ᠦᠢ᠍ᠯᠡᠳᠪᠦᠷᠢᠯᠡᠯ ᠳᠡᠭᠡᠷ᠎ᠡ ᠭᠤᠷᠪᠠᠨ ᠵᠦᠢ᠍ᠯ᠎ᠤᠨ ᠬᠡᠷᠡᠭᠯᠡᠭᠡᠨ᠎ᠲᠠᠢ᠃
    ᠵᠠᠯᠭ᠋ᠠᠳᠠᠰᠤ ᠪᠤᠯᠭ᠋ᠠᠵᠤ ᠶᠡᠬᠡ ᠬᠡᠮᠵᠢᠶᠡᠨ᠎ᠤ ᠰᠢᠯᠢᠳᠡᠭ ᠰᠠᠢ᠌ᠨ ᠵᠠᠯᠭ᠋ᠠᠯᠲᠠ ᠵᠢᠨ ᠴᠢᠬᠢ ᠮᠤᠳᠤ ᠵᠢ ᠪᠤᠢ᠌ᠵᠢᠭᠤᠯᠤᠨ᠎ᠠ᠃ ᠦᠷᠢᠯ᠂ ᠬᠠᠢ᠌ᠲᠠᠩ᠂ ᠵᠡᠷᠯᠢᠭ ᠲᠤᠭᠤᠷ᠂ ᠭᠦᠢ᠍ᠯᠡᠰᠦ᠂ ᠠᠯᠢᠮ᠎ᠠ ᠬᠠᠳ᠂ ᠬᠠᠷ᠎ᠠ ᠴᠢᠪᠠᠭ᠎ᠠ ᠵᠡᠷᠭᠡ ᠵᠢᠨ ᠦᠷ᠎ᠡ᠎ᠠᠴᠠ ᠭᠠᠷᠤᠭᠰᠠᠨ ᠴᠢᠬᠢ ᠮᠤᠳᠤ᠎ᠪᠠᠷ ᠵᠠᠯᠭ᠋ᠠᠳᠠᠰᠤ ᠪᠤᠯᠭ᠋ᠠᠵᠤ ᠤᠬᠢ ᠰᠠᠢ᠌ᠨ ᠵᠠᠯᠭ᠋ᠠᠯᠲᠠ ᠵᠢᠨ ᠴᠢᠬᠢ ᠵᠢ ᠪᠤᠢ᠌ᠵᠢᠭᠤᠯᠳᠠᠭ᠃
    ᠰᠢᠨ᠎ᠡ  ᠲᠦᠷᠦᠯ ᠵᠦᠢ᠍ᠯ ᠪᠤᠢ᠌ᠵᠢᠭᠤᠯᠬᠤ᠎ᠳᠤ ᠬᠡᠷᠡᠭᠯᠡᠨ᠎ᠡ᠃
    ᠦᠢ᠍ᠯᠡᠳᠪᠦᠷᠢᠯᠡᠯ ᠳᠡᠭᠡᠷ᠎ᠡ ᠰᠢᠭᠤᠳ ᠵᠢᠮᠢᠰᠯᠡᠬᠦ ᠴᠢᠬᠢ ᠮᠤᠳᠤ ᠪᠤᠯᠭ᠋ᠠᠨ ᠬᠡᠷᠡᠭᠯᠡᠵᠦ ᠪᠤᠢ᠃ ᠵᠢᠱ᠌ᠢᠶᠡᠯᠡᠪᠡᠯ ᠬᠤᠰᠢᠭ᠎ᠠ᠂ ᠲᠠᠦᠯᠠᠢ ᠵᠢᠨ ᠪᠦᠭᠡᠷ᠎ᠡ ᠵᠡᠷᠭᠡ ᠵᠢᠨ ᠰᠡᠭᠦᠯᠴᠢ ᠵᠢᠨ ᠬᠤᠪᠢᠷᠠᠯ ᠪᠠᠭ᠎ᠠ᠎ᠲᠠᠢ ᠮᠤᠳᠤᠳ᠎ᠲᠤ ᠬᠡᠷᠡᠭᠯᠡᠳᠡᠭ᠃ ᠮᠠᠨ᠎ᠤ ᠤᠷᠤᠨ᠎ᠳᠤ ᠭᠦᠢ᠍ᠯᠡᠰᠦᠨ ᠮᠤᠳᠤ ᠵᠢ ᠦᠷ᠎ᠡ᠎ᠪᠠᠷ ᠦᠷᠡᠵᠢᠬᠦᠯᠬᠦ ᠲᠠᠳᠬᠠᠯ᠎ᠲᠠᠢ ᠪᠤᠯᠪᠠᠴᠤ ᠠᠵᠦ ᠠᠬᠤᠢ ᠵᠢᠨ ᠠᠰᠢᠭ ᠤᠯᠵᠠᠪᠤᠷᠢ ᠵᠢ ᠳᠡᠭᠡᠭᠰᠢᠯᠡᠬᠦᠯᠬᠦ ᠵᠢᠨ ᠲᠦᠯᠦᠭᠡ ᠵᠠᠯᠭ᠋ᠠᠯᠲᠠ ᠵᠢᠨ ᠴᠢᠬᠢ ᠬᠡᠷᠡᠭᠯᠡᠪᠡᠯ ᠨᠡᠩ ᠲᠤᠬᠢᠷᠠᠬᠤ ᠶᠤᠮ᠃ ᠦᠷ᠎ᠡ᠎ᠠᠴᠠ ᠭᠠᠷᠤᠭᠰᠠᠨ ᠴᠢᠬᠢ ᠮᠤᠳᠤ ᠵᠢ ᠪᠤᠢ᠌ᠵᠢᠭᠤᠯᠬᠤ᠎ᠳᠤ ᠲᠤᠤᠷᠠᠬᠢ ᠬᠡᠳᠦᠨ ᠠᠯᠬᠤᠮ ᠵᠶ᠋ᠠᠷ ᠶᠠᠪᠤᠭᠳᠠᠨ᠎ᠠ᠃
    (1) ᠦᠷ᠎ᠡ ᠴᠤᠭᠯᠠᠭᠤᠯᠬᠤ᠄ ᠴᠢᠬᠢ ᠪᠤᠢ᠌ᠵᠢᠭᠤᠯᠬᠤ ᠦᠷ᠎ᠡ ᠵᠢ ᠰᠤᠩᠭᠤᠬᠤ᠎ᠳᠤ ᠵᠠᠪᠠᠯ ᠲᠦᠷᠦᠯ ᠴᠢᠨᠠᠷ᠎ᠨᠢ ᠴᠡᠪᠡᠷ᠂ ᠰᠢᠨᠵᠢ ᠲᠦᠷᠰᠦ᠎ᠨᠢ ᠨᠢᠭᠡᠳᠦᠯᠳᠡᠢ ᠪᠦᠭᠡᠳ ᠭᠡᠮᠳᠦᠯ ᠬᠤᠷᠤᠬᠠᠢ᠌ᠳᠤᠯ ᠦᠭᠡᠢ᠂ ᠭᠦᠢ᠍ᠴᠡᠳ ᠪᠤᠯᠪᠠᠰᠤᠷᠠᠭᠰᠠᠨ᠎ᠢ᠎ᠨᠢ ᠰᠤᠩᠭᠤᠬᠤ ᠬᠡᠷᠡᠭᠳᠡᠢ᠃ ᠡᠰᠡ ᠲᠡᠭᠡᠪᠡᠯ ᠪᠦᠲᠦᠭᠡᠭᠳᠡᠬᠦᠨ᠎ᠤ ᠴᠢᠨᠠᠷ ᠴᠢᠨᠰᠠᠭ᠎ᠠ ᠵᠢ ᠨᠦᠯᠦᠭᠡᠯᠡᠳᠡᠭ᠃ ᠦᠷ᠎ᠡ᠎ᠠᠴᠠ ᠭᠠᠷᠤᠭᠰᠠᠨ ᠴᠢᠬᠢ ᠮᠤᠳᠤᠨ᠎ᠤ ᠬᠡᠷᠡᠭᠴᠡᠭᠡ ᠵᠢ ᠦᠨᠳᠦᠰᠦᠯᠡᠵᠦ᠂ ᠰᠤᠩᠭᠤᠯᠳᠠ ᠵᠢᠨ ᠪᠠᠷᠢᠮᠳᠠ᠎ᠨᠢ ᠪᠠᠰᠠ ᠠᠳᠠᠯᠢ ᠦᠭᠡᠢ ᠪᠠᠢ᠌ᠳᠠᠭ᠃ ᠵᠢᠱ᠌ᠢᠶᠡᠯᠡᠪᠡᠯ ᠰᠢᠭᠤᠳ ᠦᠢ᠍ᠯᠡᠳᠪᠦᠷᠢᠯᠡᠯ᠎ᠳᠤ ᠬᠡᠷᠡᠭᠯᠡᠬᠦ ᠱᠠᠭ᠋ᠠᠷᠳᠠᠯᠭ᠎ᠠ᠎ᠪᠠᠷ ᠦᠨᠳᠦᠷ᠂ ᠵᠠᠯᠭ᠋ᠠᠳᠠᠰᠤ ᠪᠤᠢ᠌ᠵᠢᠭᠤᠯᠬᠤ᠎ᠳᠤ ᠬᠡᠷᠡᠭᠯᠡᠬᠦ ᠦᠷ᠎ᠡ ᠵᠢ ᠭᠤᠤᠯᠳᠠᠭᠤ ᠵᠤᠬᠢᠴᠠᠭᠤᠯᠬᠤ ᠴᠢᠨᠠᠷ ᠵᠶ᠋ᠠᠷ ᠴᠢᠩᠭ᠎ᠠ᠂ ᠰᠡᠭᠦᠯᠴᠢ ᠵᠢᠨ ᠦᠶ᠎ᠡ᠎ᠳᠡᠭᠡᠨ ᠨᠢᠭᠡᠳᠦᠯᠲᠡᠢ᠂ ᠵᠠᠯᠭ᠋ᠠᠯᠲᠠ ᠵᠢᠨ ᠦᠷ᠎ᠡ ᠳ᠋ᠦᠩ᠎ᠢ ᠨᠦᠯᠦᠭᠡᠯᠡᠬᠦ ᠦᠭᠡᠢ ᠪᠠᠢ᠌ᠬᠤ ᠬᠡᠷᠡᠭᠳᠡᠢ᠃ ᠡᠢ᠌ᠮᠦ᠎ᠠᠴᠠ ᠦᠷ᠎ᠡ ᠰᠤᠩᠭᠤᠬᠤ᠎ᠳᠠᠭᠠᠨ ᠵᠠᠪᠠᠯ ᠲᠤᠤᠷᠠᠬᠢ ᠬᠡᠳᠦᠨ ᠵᠦᠢ᠍ᠯ᠎ᠢ ᠪᠡᠶᠡᠯᠡᠬᠦᠯᠬᠦ ᠬᠡᠷᠡᠭᠳᠡᠢ᠃
    ᠤᠷᠭᠤᠯᠳᠠ᠎ᠪᠠᠷ ᠡᠷᠡᠬᠦᠯ ᠢᠳᠡᠷᠡᠬᠦᠨ᠂ ᠬᠤᠷᠢᠶᠠᠯᠳᠠ᠎ᠪᠠᠷ ᠦᠨᠳᠦᠷ ᠪᠦᠭᠡᠳ ᠲᠤᠭᠲᠠᠭᠤᠨ ᠴᠢᠨᠠᠷ ᠰᠠᠢ᠌ᠲᠠᠢ ᠡᠬᠡ ᠮᠤᠳᠤᠨ᠎ᠠᠴᠠ ᠦᠷ᠎ᠡ ᠲᠡᠭᠦᠭᠦ ᠬᠡᠷᠡᠭᠳᠡᠢ᠃ ᠭᠠᠭᠴᠠ ᠬᠦ᠌ ᠡᠬᠡ ᠮᠤᠳᠤᠨ᠎ᠤ ᠤᠷᠭᠤᠯᠳᠠ᠎ᠨᠢ ᠭᠦᠢ᠍ᠴᠡᠳ᠂ ᠦᠷ᠎ᠡ ᠵᠢᠮᠢᠰ ᠪᠤᠯᠪᠠᠰᠤᠷᠠᠭᠰᠠᠨ᠎ᠨᠢ ᠭᠦᠢ᠍ᠴᠡᠳ ᠪᠦᠬᠡᠳ ᠦᠷ᠎ᠡ᠎ᠨᠢ ᠴᠠᠳᠬᠤᠯᠠᠩ ᠪᠤᠯ ᠰᠠᠶᠢ ᠲᠡᠭᠦᠨ᠎ᠠᠴᠠ ᠭᠠᠷᠤᠭᠰᠠᠨ ᠴᠢᠬᠢ ᠮᠤᠳᠤ᠎ᠨᠢ ᠤᠷᠴᠢᠨ ᠲᠤᠭᠤᠷᠢᠨ᠎ᠳᠤ ᠵᠤᠬᠢᠴᠠᠯᠳᠤᠬᠤ ᠴᠢᠨᠠᠷ ᠵᠶ᠋ᠠᠷ ᠴᠢᠩᠭ᠎ᠠ ᠪᠦᠭᠡᠳ ᠤᠷᠭᠤᠴᠠ᠎ᠨᠢ ᠢᠳᠡᠷᠡᠬᠦᠨ᠂ ᠪᠤᠢ᠌ᠵᠢᠯᠲᠠ᠎ᠨᠢ ᠰᠠᠢ᠌ᠨ ᠪᠠᠢ᠌ᠳᠠᠭ᠃
     ᠲᠤᠬᠢᠷᠠᠭᠰᠠᠨ ᠬᠤᠭᠤᠴᠠᠭ᠋ᠠᠨ᠎ᠳᠤ ᠬᠤᠷᠢᠶᠠᠬᠤ ᠬᠡᠷᠡᠭᠳᠡᠢ᠃ ᠬᠤᠷᠢᠶᠠᠯᠳᠠ᠎ᠪᠠᠨ ᠡᠷᠲᠡᠯᠡᠪᠡᠯ ᠦᠷ᠎ᠡ ᠵᠢᠨ ᠪᠤᠯᠪᠠᠰᠤᠷᠠᠯᠲᠠ᠎ᠨᠢ ᠲᠤᠷᠭᠤᠮᠳᠠᠵᠤ᠂ ᠰᠢᠮ᠎ᠡ ᠲᠡᠵᠢᠭᠡᠯ ᠬᠦᠷᠦᠯᠴᠡᠬᠦ ᠦᠭᠡᠢ᠎ᠠᠴᠠ ᠪᠤᠯᠵᠤ ᠠᠮᠢᠵᠢᠷᠠᠯ᠎ᠤᠨ ᠴᠢᠳᠠᠪᠤᠷᠢ᠎ᠨᠢ ᠪᠠᠭᠤᠷᠠᠵᠤ᠂ ᠰᠤᠶᠤᠭ᠋ᠠᠯᠠᠬᠤ ᠨᠤᠷᠮ᠎ᠠ᠎ᠨᠢ ᠲᠤᠤᠷ᠎ᠠ ᠪᠤᠯᠳᠠᠭ᠃
    ᠦᠷ᠎ᠡ ᠵᠢᠮᠢᠰ᠎ᠢ ᠲᠡᠬᠦᠵᠦ ᠠᠪᠤᠭᠰᠠᠨ᠎ᠤ ᠰᠡᠭᠦᠯᠡᠷ ᠨᠢᠭᠡᠨ ᠬᠤᠭᠤᠴᠠᠭ᠎ᠠ ᠤᠪᠤᠭ᠋ᠠᠯᠠᠨ ᠲᠠᠯᠪᠢᠵᠤ᠂ ᠠᠭ᠋ᠠᠵᠢᠮ ᠵᠶ᠋ᠡᠷ ᠵᠠᠯᠭ᠋ᠠᠵᠤ ᠪᠤᠯᠪᠠᠰᠤᠷᠠᠬᠤ ᠵᠢ ᠬᠦᠯᠢᠶᠡᠬᠦ ᠬᠡᠷᠡᠭᠳᠡᠢ᠃ ᠢᠳᠡᠰᠢᠨ᠎ᠤ ᠦᠨ᠎ᠡ ᠦᠷᠲᠡᠭ ᠦᠭᠡᠢ ᠦᠷ᠎ᠡ ᠵᠢᠮᠢᠰ᠎ᠢ ᠪᠠᠷᠤᠭ 0.33m ᠰᠢᠬᠠᠮ ᠵᠤᠵᠠᠭ᠋ᠠᠨ ᠵᠶ᠋ᠠᠷ ᠤᠪᠤᠭ᠋ᠠᠯᠠᠨ ᠲᠠᠯᠪᠢᠵᠦ ᠵᠢᠮᠢᠰ᠎ᠢ᠎ᠨᠢ ᠵᠦᠭᠡᠯᠡᠷᠡᠬᠦᠯᠳᠡᠭ᠃ ᠭᠡᠬᠦ᠎ᠳᠡᠭᠡᠨ ᠬᠡᠳᠦᠷᠬᠡᠢ ᠵᠤᠵᠠᠭ᠋ᠠᠨ ᠵᠶ᠋ᠠᠷ ᠤᠪᠤᠭ᠋ᠠᠯᠠᠬᠤ᠎ᠳᠤ ᠬᠦᠷᠪᠡᠯ ᠦᠷ᠎ᠡ ᠵᠢᠮᠢᠰ᠎ᠨᠢ ᠬᠠᠯᠠᠭᠤᠷᠠᠵᠤ ᠢᠯᠵᠠᠷᠠᠭ᠋ᠠᠳ ᠠᠮᠢᠵᠢᠷᠠᠯ᠎ᠤᠨ ᠴᠢᠳᠠᠪᠤᠷᠢ᠎ᠪᠠᠨ ᠠᠯᠳᠠᠬᠤ᠎ᠳᠤ ᠬᠦᠷᠦᠨ᠎ᠡ᠃ ᠡᠢ᠌ᠮᠦ᠎ᠠᠴᠠ ᠤᠪᠤᠭ᠋ᠠᠯᠠᠵᠤ ᠲᠠᠯᠪᠢᠬᠤ ᠵᠢᠨ ᠳᠠᠭ᠋ᠠᠦ ᠤᠷᠪᠠᠭᠤᠯᠤᠨ ᠬᠦᠳᠡᠯᠭᠡᠵᠦ ᠦᠭᠬᠦ ᠪᠠ ᠪᠠᠢ᠌ᠴᠠᠭ᠋ᠠᠨ ᠦᠵᠡᠵᠦ᠂ ᠲᠤᠯᠠᠭ᠋ᠠᠨ᠎ᠤ ᠬᠡᠮᠵᠢᠶ᠎ᠡ ᠵᠢ 40℃᠎ᠠᠴᠠ ᠬᠡᠳᠦᠷᠡᠭᠦᠯᠵᠦ ᠪᠤᠯᠬᠤ ᠦᠭᠡᠢ᠃ ᠵᠢᠮᠢᠰ᠎ᠨᠢ ᠵᠦᠭᠡᠯᠡᠷᠡᠪᠡᠯ ᠦᠷ᠎ᠡ ᠵᠢ ᠰᠠᠯᠭ᠋ᠠᠵᠤ ᠴᠡᠪᠡᠷ ᠤᠰᠤ᠎ᠪᠠᠷ ᠤᠬᠢᠶᠠᠵᠤ ᠭᠠᠷᠭ᠋ᠠᠭ᠋ᠠᠳ ᠰᠠᠯᠬᠢ ᠵᠢᠪᠠᠷ ᠨᠡᠪᠳᠡᠷᠡᠬᠦ ᠰᠡᠷᠢᠬᠦᠨ ᠭᠠᠵᠠᠷ᠎ᠲᠤ ᠲᠠᠯᠪᠢᠵᠤ ᠬᠠᠳᠠᠭ᠋ᠠᠨ᠎ᠠ᠃ ᠳᠡᠩᠳᠡᠬᠦᠦ ᠬᠤᠷᠴᠠ ᠨᠠᠷᠠᠨ᠎ᠳᠤ ᠲᠠᠯᠪᠢᠵᠤ ᠪᠤᠯᠳᠠᠭ ᠦᠭᠡᠢ᠃ ᠡᠭᠦᠨ᠎ᠠᠴᠠ ᠭᠠᠳᠠᠨ᠎ᠠ᠂ ᠵᠢᠮᠢᠰ᠎ᠢ᠎ᠨᠢ ᠢᠳᠡᠵᠦ ᠦᠷ᠎ᠡ ᠵᠢ᠎ᠨᠢ ᠠᠪᠬᠤ ᠪᠤᠶᠤ ᠵᠢᠮᠢᠰ᠎ᠢ᠎ᠨᠢ ᠪᠤᠯᠪᠠᠰᠤᠷᠠᠭᠤᠯᠵᠤ ᠦᠢ᠍ᠯᠡᠳᠬᠦᠨ ᠪᠤᠯᠭ᠋ᠠᠵᠤ᠂ ᠦᠷ᠎ᠡ ᠵᠢ᠎ᠨᠢ ᠭᠠᠷᠭ᠋ᠠᠨ ᠠᠪᠴᠤ ᠪᠠᠰᠠ ᠪᠤᠯᠤᠨ᠎ᠠ᠃ ᠭᠡᠬᠦ᠎ᠳᠡᠭᠡᠨ ᠬᠡᠳᠦᠷᠬᠡᠢ ᠦᠨᠳᠦᠷ ᠬᠡᠮᠵᠢᠶ᠎ᠡ᠎ᠪᠠᠷ ᠬᠠᠯᠠᠭᠤᠯᠬᠤ ᠵᠢ ᠰᠡᠷᠭᠡᠢ᠌ᠯᠡᠬᠦ ᠭᠡᠷᠡᠭᠳᠡᠢ᠃
    (2) ᠦᠷ᠎ᠡ ᠰᠢᠢ᠍ᠳᠪᠦᠷᠢᠯᠡᠬᠦ᠄ ᠨᠠᠪᠴᠢ ᠵᠤᠯᠭ᠋ᠠᠷᠠᠬᠤ ᠵᠢᠮᠢᠰ᠎ᠤᠨ ᠮᠤᠳᠤᠨ᠎ᠤ ᠦᠷ᠎ᠡ᠎ᠨᠢ ᠠᠳᠠᠯᠢ ᠪᠤᠰᠤ ᠬᠤᠭᠤᠴᠠᠭ᠋ᠠᠨ᠎ᠤ ᠢᠴᠡᠭᠡᠯᠡᠯᠲᠡ ᠵᠢ ᠦᠩᠭᠡᠷᠡᠳᠡᠭ᠃ ᠡᠨᠡ ᠬᠦ᠌ ᠤᠨᠴᠠᠯᠢᠭ᠎ᠨᠢ ᠲᠡᠭᠦᠨ᠎ᠤ ᠤᠷᠲᠤ ᠬᠤᠭᠤᠴᠠᠭ᠋ᠠᠨ᠎ᠤ ᠰᠢᠰᠲᠸᠮᠲᠦ ᠪᠤᠢ᠌ᠵᠢᠯᠲᠠ ᠵᠢᠨ ᠲᠤᠮᠳᠠ ᠪᠤᠢ ᠪᠤᠯᠤᠭᠰᠠᠨ ᠪᠢᠤᠯᠤᠬᠢ ᠵᠢᠨ ᠦᠪᠡᠷᠮᠢᠴᠡ ᠴᠢᠨᠠᠷ ᠪᠤᠯᠤᠨ᠎ᠠ᠃ ᠡᠢ᠌ᠮᠦ᠎ᠠᠴᠠ ᠲᠡᠷᠢᠬᠤ᠎ᠠᠴᠠ ᠡᠮᠦᠨ᠎ᠡ ᠳᠠᠪᠬᠤᠷᠭ᠋ᠠᠯᠠᠨ ᠰᠢᠢ᠍ᠳᠪᠦᠷᠢᠯᠡᠵᠦ᠂ ᠰᠡᠭᠦᠯᠴᠢ ᠵᠢᠨ ᠪᠤᠯᠪᠠᠰᠤᠷᠠᠭᠤᠯᠤᠯᠳᠠ ᠵᠢ ᠠᠬᠢᠭᠤᠯᠵᠤ᠂ ᠢᠴᠡᠭᠡᠯᠡᠬᠦ ᠬᠤᠭᠤᠴᠠᠭ᠎ᠠ ᠵᠢ ᠢᠳᠡᠪᠬᠢᠳᠡᠢ ᠦᠩᠭᠡᠷᠡᠬᠦᠯᠬᠦ ᠬᠡᠷᠡᠭᠳᠡᠢ᠃ ᠬᠠᠪᠤᠷ᠎ᠤᠨ ᠲᠠᠷᠢᠯᠭ᠎ᠠ᠎ᠠᠴᠠ ᠡᠮᠦᠨ᠎ᠡ ᠦᠷ᠎ᠡ ᠵᠢ ᠲᠠᠪᠬᠤᠷᠭ᠋ᠠᠯᠠᠨ ᠰᠢᠢ᠍ᠳᠪᠦᠷᠢᠯᠡᠪᠡᠯ ᠰᠡᠭᠦᠯᠴᠢ ᠵᠢᠨ ᠪᠤᠯᠪᠠᠰᠤᠷᠠᠯᠳᠠ ᠵᠢ ᠪᠦᠷᠢᠮᠦᠰᠦᠨ ᠪᠡᠶᠡᠯᠡᠬᠦᠯᠵᠦ ᠰᠤᠶᠤᠭ᠋ᠠᠯᠠᠬᠤ᠎ᠨᠢ ᠲᠡᠭᠰᠢ ᠪᠤᠯᠬᠠᠬᠤ ᠪᠦᠭᠡᠳ ᠰᠤᠶᠤᠭ᠋ᠠᠯᠠᠬᠤ ᠨᠤᠷᠮ᠎ᠠ᠎ᠨᠢ ᠴᠦ᠍ ᠦᠨᠳᠦᠷ ᠪᠠᠢ᠌ᠳᠠᠭ᠃ ᠦᠷ᠎ᠡ ᠵᠢ ᠲᠠᠪᠬᠤᠷᠭ᠋ᠠᠯᠠᠬᠤ᠎ᠳᠠᠭᠠᠨ ᠲᠤᠭᠲᠠᠪᠤᠷᠢᠳᠠᠢ ᠲᠤᠯᠠᠭ᠋ᠠᠴᠠ᠂ ᠴᠢᠭᠢᠭᠳᠦᠴᠡ ᠪᠠ ᠬᠡᠢ ᠠᠭ᠋ᠠᠷ᠎ᠤᠨ ᠨᠦᠬᠦᠴᠡᠯ᠎ᠢ ᠪᠦᠷᠢᠯᠳᠦᠬᠦᠯᠬᠦ ᠬᠡᠷᠡᠭᠳᠡᠢ᠃ ᠡᠢ᠌ᠮᠦ᠎ᠠᠴᠠ ᠦᠷ᠎ᠡ ᠵᠢ ᠰᠢᠢ᠍ᠳᠪᠦᠷᠢᠯᠡᠬᠦ᠎ᠳᠡᠭᠡᠨ ᠬᠦᠭᠡᠭ ᠰᠢᠷᠤᠢ ᠪᠤᠯᠤᠨ ᠦᠷ᠎ᠡ ᠵᠢ ᠲᠤᠭᠲᠠᠭᠰᠠᠨ ᠬᠠᠷᠢᠴᠠᠯ (ᠵᠢᠵᠢᠭ ᠮᠦᠬᠦᠯᠢᠭᠲᠦ ᠦᠷ᠎ᠡ ᠵᠢ 3~5᠄ 1 ᠪᠠ ᠲᠤᠮᠤ ᠮᠦᠬᠦᠯᠢᠭᠲᠦ ᠦᠷ᠎ᠡ ᠵᠢ 5~10᠄1) ᠵᠶ᠋ᠡᠷ ᠬᠤᠯᠢᠵᠤ ᠲᠠᠪᠬᠤᠷᠭ᠋ᠠᠯᠠᠨ ᠲᠠᠯᠪᠢᠨ᠎ᠠ᠃ ᠭᠡᠬᠦ᠎ᠳᠤ᠎ᠪᠠᠨ ᠦᠷ᠎ᠡ᠎ᠪᠠᠨ ᠴᠡᠪᠡᠷᠬᠡᠨ ᠤᠬᠢᠶᠠᠵᠤ ᠴᠡᠪᠡᠷᠬᠡᠨ ᠰᠢᠷᠤᠢ ᠵᠢ ᠬᠡᠷᠡᠭᠯᠡᠬᠦ ᠬᠡᠷᠡᠭᠳᠡᠢ᠃ ᠡᠯᠡᠰᠦᠨ᠎ᠤ ᠨᠤᠢ᠌ᠲᠠᠴᠠ᠎ᠨᠢ  ᠭᠠᠷ ᠵᠶ᠋ᠠᠷ ᠪᠠᠵᠠᠬᠤ᠎ᠳᠤ ᠪᠦᠭᠡᠮᠨᠡᠷᠡᠵᠦ ᠤᠰᠤ ᠲᠤᠰᠤᠯᠠᠬᠤ ᠦᠭᠡᠢ ᠬᠡᠮᠵᠢᠶᠡᠨ᠎ᠳᠤ ᠬᠦᠷᠪᠠᠯ ᠪᠤᠯᠴᠢᠬᠠᠨ᠎ᠠ᠃ ᠶᠡᠷᠦ᠎ᠳᠡᠭᠡᠨ ᠲᠤᠯᠠᠭ᠋ᠠᠨ᠎ᠤ ᠬᠡᠮᠵᠢᠶ᠎ᠡ ᠵᠢ 1~5℃ ᠤᠷᠴᠢᠮ᠎ᠳᠤ ᠪᠠᠢ᠌ᠯᠭ᠋ᠠᠵᠤ᠂ ᠲᠤᠯᠠᠭ᠋ᠠᠨ᠎ᠤ ᠬᠡᠮᠵᠢᠶ᠎ᠡ ᠬᠡᠳᠦᠷᠭᠡᠢ ᠦᠨᠳᠦᠷᠵᠢᠬᠦ᠎ᠳᠤ ᠬᠦᠷᠪᠡᠯ ᠦᠷ᠎ᠡ᠎ᠪᠠᠨ 1~2 ᠤᠳᠠᠭ᠎ᠠ ᠤᠷᠪᠠᠭᠤᠯᠤᠨ ᠬᠦᠳᠡᠯᠭᠡᠪᠡᠯ ᠡᠪᠳᠡᠷᠡᠵᠦ ᠢᠯᠵᠠᠷᠠᠬᠤ ᠦᠭᠡᠢ ᠶᠤᠮ᠃ ᠦᠷ᠎ᠡ ᠵᠢ ᠳᠠᠪᠬᠤᠷᠭ᠋ᠠᠯᠠᠨ ᠰᠢᠢ᠍ᠳᠪᠦᠷᠢᠯᠡᠬᠦ ᠬᠤᠭᠤᠴᠠᠭ᠋ᠠᠨ᠎ᠤ ᠤᠷᠲᠤ ᠤᠬᠤᠷ᠎ᠨᠢ ᠮᠤᠳᠤᠨ᠎ᠤ ᠲᠦᠷᠦᠯ ᠵᠦᠢ᠍ᠯ᠎ᠠᠴᠠ ᠪᠤᠯᠵᠤ ᠠᠳᠠᠯᠢ ᠪᠤᠰᠤ ᠪᠠᠢ᠌ᠳᠠᠭ᠂ ᠤᠯᠠᠩᠬᠢ᠎ᠨᠢ ᠴᠦᠮ 2~3 ᠰᠠᠷ᠎ᠠ ᠬᠡᠷᠡᠭᠰᠡᠨ᠎ᠡ᠃
    (3)  ᠲᠠᠷᠢᠬᠤ
     ① ᠲᠠᠷᠢᠬᠤ ᠴᠠᠭ ᠬᠤᠭᠤᠴᠠᠭ᠎ᠠ᠄  ᠦᠷ᠎ᠡ ᠲᠠᠷᠢᠬᠤ ᠴᠠᠭ ᠬᠤᠭᠤᠴᠠᠭ᠎ᠠ ᠵᠢ ᠬᠠᠪᠤᠷ ᠲᠠᠷᠢᠬᠤ ᠪᠠ ᠨᠠᠮᠤᠷ ᠲᠠᠷᠢᠬᠤ ᠭᠡᠵᠦ ᠬᠤᠪᠢᠶᠠᠨ᠎ᠠ᠃ ᠨᠠᠮᠤᠷ ᠲᠠᠷᠢᠬᠤ᠎ᠨᠢ ᠡᠪᠤᠯ᠎ᠤᠨ ᠡᠬᠢ᠎ᠪᠠᠷ ᠭᠠᠵᠠᠷ ᠬᠦᠯᠳᠡᠬᠦ᠎ᠠᠴᠠ ᠡᠮᠦᠨ᠎ᠡ ᠶᠠᠪᠤᠭᠳᠠᠨ᠎ᠠ᠂ ᠬᠠᠪᠤᠷ ᠲᠠᠷᠢᠬᠤ᠎ᠨᠢ ᠬᠠᠪᠤᠷ ᠡᠷᠲᠡ ᠭᠠᠵᠠᠷ ᠬᠡᠰᠦᠭᠰᠡᠨ᠎ᠤ ᠰᠡᠭᠦᠯᠡᠷ ᠶᠠᠪᠤᠭᠳᠠᠨ᠎ᠠ᠃ ᠭᠡᠪᠡᠴᠦ ᠪᠤᠳᠠᠳᠠᠢ ᠴᠠᠭ ᠬᠤᠭᠤᠴᠠᠭ᠎ᠠ᠎ᠪᠠᠨ ᠲᠤᠰ ᠤᠷᠤᠨ᠎ᠤ ᠴᠠᠭ ᠠᠭᠤᠷ᠎ᠤᠨ ᠪᠠᠢ᠌ᠳᠠᠯ᠎ᠠᠴᠠ ᠦᠵᠡᠪᠡᠯ ᠡᠪᠤᠯ᠎ᠤᠨ ᠴᠠᠭ ᠬᠠᠬᠢᠷ ᠬᠦᠢ᠍ᠲᠡᠨ᠂ ᠰᠠᠯᠬᠢᠨ ᠵᠢᠪᠠᠷ ᠶᠡᠬᠡ ᠪᠦᠬᠡᠳ ᠭᠠᠩ ᠬᠠᠭᠤᠷᠠᠢ ᠲᠤᠯᠠ ᠲᠤᠮᠤ ᠮᠦᠬᠦᠯᠢᠭᠲᠦ ᠦᠷ᠎ᠡ᠎ᠲᠠᠢ ᠵᠡᠷᠯᠢᠭ ᠲᠤᠭᠤᠷ᠂ ᠭᠦᠢ᠍ᠯᠡᠰᠦ ᠵᠡᠷᠭᠡ ᠵᠢ ᠲᠠᠷᠢᠵᠦ᠂ ᠪᠤᠰᠤᠳ ᠵᠦᠢ᠍ᠯ᠎ᠤᠨ ᠦᠷ᠎ᠡ ᠵᠢ ᠶᠡᠷᠦ᠎ᠳᠡᠭᠡᠨ ᠬᠠᠪᠤᠷ ᠬᠦᠷᠦᠰᠦᠨ᠎ᠤ ᠲᠤᠯᠠᠭ᠋ᠠᠨ ᠳᠡᠭᠡᠭᠰᠢᠯᠡᠭᠡᠳ ᠠᠮᠠᠷᠬᠠᠨ ᠰᠤᠶᠤᠭ᠋ᠠᠯᠠᠬᠤ ᠦᠶ᠎ᠡ᠎ᠳᠤ ᠲᠠᠷᠢᠨ᠎ᠠ᠃
    ② ᠲᠠᠷᠢᠬᠤ ᠬᠡᠮᠵᠢᠶ᠎ᠡ᠄ ᠲᠡᠷᠢᠬᠤ ᠬᠡᠮᠵᠢᠶ᠎ᠡ ᠪᠤᠯ ᠨᠢᠭᠡᠴᠢ ᠲᠠᠯᠠᠪᠠᠢ᠎ᠳᠤ ᠬᠡᠷᠡᠭᠯᠡᠬᠦ ᠦᠷ᠎ᠡ ᠵᠢᠨ ᠲᠤᠭ᠎ᠠ ᠬᠡᠮᠵᠢᠶ᠎ᠡ ᠵᠢ ᠵᠢᠭ᠋ᠠᠵᠤ ᠪᠤᠢ᠃ ᠶᠡᠷᠦ᠎ᠳᠡᠭᠡᠨ  ᠭ᠋ᠷᠡᠮ/ ᠮᠦ᠍᠎ᠪᠠᠷ ᠢᠯᠡᠳᠬᠡᠨ᠎ᠡ᠃ ᠲᠠᠷᠢᠬᠤ ᠬᠡᠮᠵᠢᠶ᠎ᠡ᠎ᠨᠢ ᠭᠤᠤᠯᠳᠠᠭᠤ ᠦᠷ᠎ᠡ ᠵᠢᠨ ᠮᠦᠬᠦᠯᠢᠭ᠎ᠤᠨ ᠶᠡᠬᠡ ᠪᠠᠭ᠎ᠠ᠂ ᠶᠠᠰᠤ ᠴᠢᠨᠠᠷ ᠪᠤᠯᠤᠨ ᠲ᠋ᠠᠷᠢᠬᠤ ᠠᠷᠭ᠎ᠠ ᠮᠠᠶᠢᠭ ᠵᠶ᠋ᠠᠷ ᠲᠤᠭᠲᠠᠭ᠋ᠠᠭᠳᠠᠨ᠎ᠠ᠃ ᠲᠠᠷᠢᠬᠤ ᠬᠡᠮᠵᠢᠶ᠎ᠡ᠎ᠨᠢ ᠤᠯᠠᠩᠬᠢ᠎ᠳᠤ᠎ᠪᠠᠨ ᠴᠢᠬᠢ ᠭᠠᠷᠬᠤ ᠲᠤᠭ᠎ᠠ᠂ ᠴᠢᠨᠠᠷ ᠴᠢᠨᠰᠠᠭ᠎ᠠ ᠪᠤᠯᠤᠨ ᠴᠢᠬᠢ ᠪᠤᠢ᠌ᠵᠢᠭᠤᠯᠬᠤ ᠵᠢᠨ ᠦᠪᠡᠷ᠎ᠤᠨ ᠦᠷᠲᠡᠭ᠎ᠤᠨ ᠦᠨᠳᠦᠷ ᠪᠤᠭᠤᠨᠢ ᠵᠢ ᠨᠦᠯᠦᠭᠡᠯᠡᠨ᠎ᠡ᠃ ᠲᠠᠷᠢᠬᠤ ᠬᠡᠮᠵᠢᠶ᠎ᠡ᠎ᠪᠠᠨ ᠲᠤᠭᠲᠠᠭ᠋ᠠᠬᠤ᠎ᠳᠤ᠎ᠪᠠᠨ ᠪᠤᠳᠠᠳᠠᠢ ᠬᠡᠷᠡᠭᠯᠡᠬᠦ᠎ᠠᠴᠠ ᠢᠯᠡᠬᠦᠦ ᠰᠢᠭ ᠲᠠᠯᠪᠢᠬᠤ ᠬᠡᠷᠡᠭᠳᠡᠢ᠃ 
     ᠶᠡᠷᠦ᠎ᠳᠡᠭᠡᠨ᠂ ᠬᠡᠷᠡᠭᠯᠡᠬᠦ ᠵᠠᠯᠭ᠋ᠠᠳᠠᠰᠤᠨ᠎ᠤ ᠲᠦᠷᠦᠯ ᠵᠦᠢ᠍ᠯ᠂  ᠭ᠋ᠷᠡᠮ ᠪᠦᠷᠢ ᠵᠢᠨ ᠦᠷ᠎ᠡ ᠵᠢᠨ ᠲᠤᠭ᠎ᠠ᠂ ᠲᠠᠷᠢᠬᠤ ᠬᠡᠮᠵᠢᠶ᠎ᠡ ᠪᠠ ᠴᠢᠬᠢ ᠮᠤᠳᠤ ᠤᠷᠭᠤᠭᠤᠯᠬᠤ ᠲᠤᠭ᠎ᠠ ᠵᠢ ᠲᠤᠤᠷᠠᠬᠢ ᠬᠦᠰᠦᠨᠦᠭ 1᠎ᠳᠤ ᠦᠵᠡᠭᠡᠷᠡᠢ᠃
    ③ ᠲᠠᠷᠢᠬᠤ ᠠᠷᠭ᠎ᠠ ᠮᠠᠶᠢᠭ᠄ ᠲᠠᠷᠢᠬᠤ ᠠᠷᠭ᠎ᠠ ᠮᠠᠶᠢᠭ᠎ᠢ ᠦᠷ᠎ᠡ ᠵᠢᠨ ᠮᠦᠬᠦᠯᠢᠭ᠎ᠤᠨ ᠶᠡᠬᠡ ᠪᠠᠭ᠎ᠠ ᠪᠤᠯᠤᠨ ᠬᠦᠷᠦᠰᠦ ᠰᠢᠷᠤᠢ ᠵᠢᠨ ᠨᠦᠬᠦᠴᠡᠯ ᠵᠶ᠋ᠡᠷ ᠲᠤᠭᠲᠠᠭ᠋ᠠᠨ᠎ᠠ᠃ ᠶᠡᠷᠦᠳᠡ ᠵᠢᠨ ᠬᠡᠷᠡᠭᠯᠡᠳᠡᠭ ᠲᠠᠷᠢᠬᠤ ᠠᠷᠭ᠎ᠠ ᠮᠠᠶᠢᠭ᠎ᠨᠢ ᠲᠤᠤᠷᠠᠬᠢ ᠮᠡᠲᠦ᠄
     ᠵᠤᠷᠢᠭᠯᠠᠨ ᠲᠠᠷᠢᠬᠤ᠄ ᠦᠷᠢᠯ᠂ ᠬᠠᠢ᠌ᠲᠠᠩ᠂ ᠠᠯᠢᠮ᠎ᠠ ᠬᠠᠳ ᠵᠡᠷᠭᠡ ᠵᠢᠨ ᠵᠢᠵᠢᠭ ᠮᠦᠬᠦᠯᠢᠭᠲᠦ ᠦᠷ᠎ᠡ ᠵᠢ ᠴᠢᠰᠠ ᠭᠠᠷᠭ᠋ᠠᠵᠤ ᠲᠤᠭᠲᠠᠭᠰᠠᠨ ᠰᠠᠭᠤᠷᠢ ᠮᠦᠷ᠎ᠤᠨ ᠵᠠᠢ᠎ᠪᠠᠷ ᠵᠤᠷᠠᠭᠯᠠᠵᠤ ᠲᠠᠷᠢᠨ᠎ᠠ᠃ ᠡᠭᠦᠨ᠎ᠢ ᠦᠢ᠍ᠯᠡᠳᠪᠦᠷᠢᠯᠡᠯ᠎ᠳᠤ ᠬᠡᠷᠡᠭᠯᠡᠬᠦ᠎ᠨᠢ ᠢᠯᠡᠭᠦᠦ᠃
     ᠴᠤᠨᠤᠭᠯᠠᠨ ᠲᠠᠷᠢᠬᠤ᠄ ᠤᠯᠠᠩᠬᠢ᠎ᠳᠠᠭᠠᠨ ᠲᠤᠮᠤ ᠮᠦᠬᠦᠯᠢᠭᠲᠦ ᠦᠷ᠎ᠡ ᠵᠢ ᠲᠠᠷᠢᠬᠤ᠎ᠳᠤ ᠬᠡᠷᠡᠭᠯᠡᠨ᠎ᠡ᠃ ᠵᠢᠱ᠌ᠢᠶᠡᠯᠡᠪᠡᠯ ᠭᠦᠢ᠍ᠯᠡᠰᠦ᠂ ᠵᠡᠷᠯᠢᠭ ᠲᠤᠭᠤᠷ᠂ ᠬᠤᠰᠢᠭ᠎ᠠ ᠵᠡᠷᠭᠡ ᠵᠢᠨ ᠦᠷ᠎ᠡ ᠵᠢ ᠲᠠᠷᠢᠬᠤ᠎ᠳᠤ ᠲᠤᠭᠲᠠᠭᠰᠠᠨ ᠮᠦᠷ ᠰᠠᠭᠤᠷᠢ ᠵᠢᠨ ᠵᠠᠢ ᠵᠢ ᠦᠵᠡᠵᠦ ᠴᠤᠨᠤᠭᠯᠠᠨ ᠲᠠᠷᠢᠨ᠎ᠠ᠃
     ᠰᠠᠴᠤᠵᠤ ᠲᠠᠷᠢᠬᠤ᠄ ᠦᠷᠡᠲᠦ ᠵᠢᠮᠢᠰ᠎ᠤᠨ ᠲᠦᠷᠦᠯ ᠵᠡᠷᠭᠡ ᠵᠢᠵᠢᠭ ᠮᠦᠬᠦᠯᠢᠭᠲᠦ ᠦᠷ᠎ᠡ ᠵᠢ ᠪᠤᠯ ᠰᠠᠴᠤᠵᠤ ᠲᠠᠷᠢᠨ᠎ᠠ᠃ ᠡᠨᠡ ᠠᠷᠭ᠎ᠠ᠎ᠪᠠᠷ ᠲᠠᠷᠢᠬᠤ᠎ᠨᠢ ᠭᠠᠵᠠᠷ ᠰᠢᠷᠤᠢ᠎ᠳᠠᠭᠠᠨ ᠠᠷᠪᠢᠳᠠᠢ᠂ ᠴᠢᠬᠢ ᠭᠠᠷᠬᠤ ᠲᠤᠭ᠎ᠠ᠎ᠨᠢ ᠢᠯᠡᠬᠦᠦ᠂ ᠭᠡᠪᠡᠴᠦ ᠲᠡᠵᠢᠭᠡᠯᠲᠦ ᠲᠠᠯᠠᠪᠠᠢ᠎ᠨᠢ ᠪᠠᠭ᠎ᠠ᠂ ᠴᠢᠬᠢ ᠵᠢᠨ ᠲᠤᠭ᠎ᠠ᠎ᠨᠢ ᠤᠯᠠᠨ ᠲᠤᠯᠠ ᠤᠷᠭᠤᠯᠳᠠ᠎ᠨᠢ ᠪᠠᠷᠤᠭᠳᠠᠢ ᠪᠦᠭᠡᠳ ᠠᠷᠠᠴᠢᠯᠠᠨ ᠬᠠᠮᠢᠶᠠᠷᠬᠤ᠎ᠳᠤ ᠲᠦᠬᠦᠮ ᠦᠭᠡᠢ᠃
   

ᠢᠷᠡᠯᠲᠡ᠄ 《ᠵᠢᠮᠢᠰ᠎ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ》
          
ᠬᠠᠮᠢᠶ᠎ᠡ ᠪᠦᠬᠦᠢ ᠰᠣᠨᠢᠨ
ᠴᠠᠷᠭ᠋ᠠᠰᠤ ᠬᠤᠷᠢᠶᠠᠬᠤ ᠮᠡᠷᠭᠡᠵᠢᠯ᠎ᠤᠨ ᠭᠤᠣᠯᠳᠠᠯᠭ᠎ᠠ
ᠣᠶ ᠰᠢᠭᠤᠶ ᠵᠢᠨ ᠭᠠᠯ ᠰᠡᠷᠭᠡᠶ᠋ᠢᠯᠡᠬᠦ ᠬᠤᠭᠤᠴᠠᠭ᠋ᠠᠨ᠎ᠳᠤ ᠣᠶ ᠰᠢᠭᠤᠶ ᠵᠢᠨ ᠭᠠᠯ ᠰᠡᠷᠭᠡᠶ᠋ᠢᠯᠡᠬᠦ ᠣᠷᠣᠨ᠎ᠳᠤ ᠣᠷᠣᠵᠤ ᠳᠡᠯᠪᠡᠴᠢᠬᠦ ᠠᠵᠢᠯᠯᠠᠭ᠎ᠠ ᠬᠢᠬᠦ ᠵᠢ ᠬᠢᠨᠠᠨ ᠵᠥᠪᠰᠢᠶᠡᠷᠡᠬᠦ
ᠲᠡᠵᠢᠭᠡᠯ ᠡᠪᠡᠰᠦ ᠲᠠᠷᠢᠬᠤ ᠮᠡᠷᠭᠡᠵᠢᠯ᠎ᠤᠨ ᠭᠤᠣᠯᠳᠠᠯᠭ᠎ᠠ
ᠬᠠᠪᠤᠷ᠎ᠤᠨ ᠤᠯᠠᠷᠢᠯ᠎ᠳᠤ ᠵᠢᠮᠢᠰ᠎ᠤᠨ ᠬᠦᠷᠢᠶᠡᠯᠡᠩ᠎ᠳᠤ ᠣᠷᠭ᠋ᠠᠨᠢᠭ ᠪᠣᠷᠳᠣᠭᠤᠷ ᠣᠷᠣᠭᠤᠯᠬᠤ᠎ᠨᠢ ᠰᠢᠨᠵᠢᠯᠡᠬᠦ ᠤᠬᠠᠭ᠋ᠠᠨᠴᠢ ᠪᠢᠰᠢ
ᠴᠢᠭᠢᠭᠴᠡ ᠵᠢ ᠬᠡᠮᠵᠢᠵᠦ ᠤᠰᠤᠯᠠᠬᠤ ᠮᠡᠷᠭᠡᠵᠢᠯ
 
             蒙ICP备05000248号