ᠮᠠᠨᠳᠠᠯ᠎ᠳᠤ ᠴᠡᠴᠡᠭ

ᠲᠡᠭᠦᠨ᠎ᠢ ᠪᠠᠰᠠ 《ᠴᠠᠭ᠋ᠠᠨ ᠮᠠᠨᠳᠠᠷᠠ ᠲᠦᠪᠡᠳ ᠴᠡᠴᠡᠭ》 ᠭᠡᠨ᠎ᠡ᠃ ᠮᠤᠩᠭᠤᠯ ᠵᠶ᠋ᠠᠷ ᠶᠡᠷᠦ᠎ᠳᠤ᠎ᠪᠠᠨ 《ᠲᠡᠮᠦᠷ ᠵᠠᠩᠭᠤᠤ》 ᠭᠡᠨ᠎ᠡ᠃ ᠲᠡᠷᠡ᠎ᠨᠢ ᠬᠠᠰᠢ ᠵᠢᠨ ᠢᠵᠠᠭᠤᠷ᠎ᠲᠤ ᠰᠢᠯᠦᠭ᠎ᠤᠨ ᠡᠰᠢ᠎ᠲᠠᠢ ᠡᠪᠡᠰᠦᠯᠢᠭ ᠤᠷᠭᠤᠮᠠᠯ᠎ᠳᠤ ᠪᠠᠭᠲᠠᠨ᠎ᠠ᠃ ᠨᠠᠪᠴᠢ᠎ᠨᠢ ᠠᠯᠠᠭ᠋ᠠᠨ ᠬᠢᠷᠢ ᠲᠤᠮᠤ᠂ ᠦᠨᠳᠡᠭᠡᠨ ᠬᠡᠯᠪᠡᠷᠢᠳᠠᠢ᠂ ᠬᠢᠷᠦᠭᠡᠨ ᠰᠢᠲᠦ ᠰᠢᠭ ᠳᠤᠯᠬᠢᠶᠠᠨ᠎ᠲᠤ ᠢᠷᠮᠡᠭ᠎ᠲᠠᠢ᠂ ᠤᠷᠲᠤ ᠪᠠᠷᠢᠭᠤᠯ᠎ᠲᠠᠢ ᠪᠠᠢ᠌ᠳᠠᠭ᠃ ᠴᠡᠴᠡᠭ᠎ᠨᠢ ᠶᠠᠭ ᠭᠤᠭᠤᠵᠢᠭᠤᠷ᠎ᠤᠨ ᠶᠠᠩᠵᠤ᠎ᠲᠠᠢ᠃ ᠲᠡᠭᠡᠲᠤ ᠬᠡᠰᠡᠭ᠎ᠲᠤᠨᠢ ᠲᠠᠪᠤᠨ ᠳᠠᠯᠪᠢ ᠵᠠᠳᠠᠷᠠᠳᠠᠭ᠃ ᠴᠠᠭ᠋ᠠᠨ ᠦᠩᠭᠡᠲᠦ ᠪᠤᠰᠤᠭ᠎ᠠ ᠲᠠᠩ ᠴᠡᠴᠡᠭ ᠪᠤᠯᠤᠨ᠎ᠠ᠃ ᠨᠠᠷᠢᠬᠠᠨ ᠤᠬᠤᠷ ᠬᠤᠷᠴᠠ ᠦᠷᠭᠡᠰᠦᠳᠡᠢ᠂ ᠵᠢᠵᠢᠭ ᠪᠦᠮᠪᠦᠭᠡᠨ ᠬᠡᠯᠪᠡᠷᠢᠲᠤ ᠵᠢᠮᠢᠰ ᠰᠠᠭᠤᠳᠠᠭ᠃ ᠬᠤᠸᠠ ᠲᠦᠸᠸ 《ᠮᠢᠨᠴᠦᠷᠡᠬᠦᠯᠬᠦ ᠲᠠᠯᠬ᠎ᠠ》 ᠨᠠᠢ᠌ᠷᠠᠭᠤᠯᠬᠤ᠎ᠳᠤ᠎ᠪᠠᠨ ᠮᠠᠨᠳᠠᠯ᠎ᠳᠤ ᠴᠡᠴᠡᠭ᠎ᠨᠢ ᠬᠢᠳᠠᠳ ᠡᠮᠨᠡᠯᠭᠡ ᠵᠢᠨ ᠭᠤᠤᠯ ᠪᠤᠯᠬᠤ ᠮᠢᠨᠴᠦᠷᠡᠬᠦᠯᠬᠦ ᠡᠳ᠋ ᠵᠶ᠋ᠡᠷ ᠬᠡᠷᠡᠭᠯᠡᠭᠳᠡᠵᠦ ᠪᠠᠢ᠌ᠨ᠎ᠠ᠃
ᠴᠢᠳᠦᠷ ᠡᠪᠡᠰᠦ
![]()
ᠲᠡᠬᠦᠨ᠎ᠢ ᠪᠠᠰᠠ ᠴᠢᠳᠦᠷ ᠡᠪᠡᠰᠦ᠂ ᠤᠷᠢᠶᠠᠩᠭᠤ ᠵᠠᠯ᠎ᠠ ᠭᠡᠵᠦ ᠨᠡᠷᠡᠯᠡᠳᠡᠭ᠃ ᠬᠦᠨᠴᠡᠯ᠎ᠤᠨ ᠢᠵᠠᠭᠤᠷ᠎ᠲᠤ ᠤᠷᠢᠶᠠᠩᠭᠤ ᠤᠷᠭᠤᠮᠠᠯ ᠪᠤᠯᠤᠨ᠎ᠠ᠃ ᠨᠠᠪᠴᠢ᠎ᠨᠢ ᠬᠤᠤᠰᠯᠠᠨ ᠤᠷᠭᠤᠵᠤ᠂ ᠦᠨᠳᠡᠭᠡᠨ ᠬᠡᠯᠪᠡᠷᠢᠲᠤ᠂ ᠤᠷᠤᠢ ᠲᠡᠰᠢ᠎ᠪᠠᠨ ᠨᠠᠷᠢᠬᠠᠨ᠃ ᠰᠠᠯᠠᠭ᠋ᠠᠨ᠎ᠤ ᠬᠢᠨᠢ ᠤᠷᠤᠢ᠎ᠳᠤ ᠪᠤᠶᠤ ᠰᠠᠯᠠᠭ᠎ᠠ ᠪᠤᠯᠤᠨ ᠨᠠᠪᠴᠢ ᠵᠢᠨ ᠵᠠᠪᠰᠠᠷ᠎ᠲᠤ ᠲᠠᠪᠤᠨ ᠳᠠᠯᠪᠢ᠎ᠲᠠᠢ᠂ ᠲᠤᠳᠤᠷ᠎ᠠ᠎ᠪᠠᠨ ᠵᠢᠵᠢᠭ ᠵᠢᠵᠢᠭ ᠤᠯᠠᠭ᠋ᠠᠨ ᠲᠤᠯᠪᠤᠲᠤ ᠭᠤᠭᠤᠵᠢᠭᠤᠷ ᠰᠢᠭ ᠪᠢᠴᠢᠬᠠᠨ ᠰᠢᠷ᠎ᠠ ᠴᠡᠴᠡᠭ ᠳᠡᠯᠭᠡᠷᠡᠨ᠎ᠡ᠃ ᠵᠢᠮᠢᠰ᠎ᠨᠢ ᠪᠦᠭᠡᠷᠡᠩᠬᠡᠢ ᠬᠡᠯᠪᠡᠷᠢᠳᠠᠢ᠃
ᠬᠦᠨᠴᠡᠯ

ᠬᠦᠨᠴᠡᠯᠢ ᠪᠠᠰᠠ ᠦᠬᠡᠷ᠎ᠤᠨ ᠨᠢᠳᠤᠨ ᠬᠦᠨᠴᠡᠯ ᠭᠡᠳᠡᠭ᠃ ᠲᠡᠷᠡ᠎ᠨᠢ ᠬᠦᠨᠴᠡᠯ᠎ᠤᠨ ᠢᠵᠠᠭᠤᠷ᠎ᠲᠤ ᠵᠠᠯᠡᠯᠢᠭ ᠪᠤᠲᠠ ᠮᠤᠳᠤ ᠪᠤᠯᠤᠨ᠎ᠠ᠃ ᠵᠢᠵᠢᠭ ᠮᠦᠴᠢᠷ᠎ᠨᠢ ᠦᠷᠬᠦᠯᠵᠢ ᠲᠠᠬᠢᠷ ᠮᠤᠷᠤᠢ ᠤᠷᠭᠤᠳᠠᠭ᠃ ᠨᠠᠪᠴᠢ᠎ᠨᠢ ᠬᠤᠤᠰᠯᠠᠨ ᠤᠷᠭᠤᠵᠤ᠂ ᠦᠨᠳᠡᠭᠡᠨ ᠬᠡᠯᠪᠡᠷᠢᠳᠡᠢ᠃ ᠵᠢᠵᠢᠭ ᠴᠡᠴᠡᠭ ᠳᠡᠯᠭᠡᠷᠡᠨ᠎ᠡ᠃ ᠵᠢᠮᠢᠰ᠎ᠨᠢ ᠵᠢᠵᠢᠭ ᠵᠦᠷᠵᠢ ᠰᠢᠭ᠂ ᠭᠡᠪᠡᠴᠦ ᠬᠤᠤᠷᠳᠠᠢ ᠲᠤᠯᠠ ᠢᠳᠡᠵᠤ ᠪᠤᠯᠳᠠᠭ ᠦᠭᠡᠢ᠃
ᠤᠭ᠋ᠠᠯᠵᠠ ᠤᠷᠢᠶᠠᠩᠭᠤ

ᠦᠭᠡᠷ᠎ᠡ ᠨᠡᠷ᠎ᠡ᠎ᠨᠢ ᠬᠤᠨᠢᠨ ᠡᠪᠡᠷ᠎ᠤᠨ ᠮᠤᠰᠬᠢᠷᠠᠭ᠎ᠠ ᠭᠡᠳᠡᠭ᠃ ᠬᠤᠯᠤᠰᠤᠯᠢᠭ ᠤᠯᠠᠭ᠋ᠠᠨ ᠴᠡᠭᠴᠡᠦᠬᠡᠢ ᠵᠢᠨ ᠢᠵᠠᠭᠤᠷ᠎ᠲᠤ ᠪᠤᠲᠠ ᠮᠤᠳᠤ ᠪᠤᠯᠤᠨ᠎ᠠ᠃ ᠨᠢᠯᠬ᠎ᠠ ᠮᠦᠴᠢᠷ᠎ᠨᠢ ᠤᠯᠠᠪᠲᠤᠷ ᠬᠦᠷᠡᠩ ᠦᠩᠭᠡᠳᠡᠢ᠃ ᠬᠠᠯᠢᠰᠤᠨ ᠲᠡᠭᠡᠷ᠎ᠡ᠎ᠨᠢ ᠵᠢᠵᠢᠭ ᠴᠠᠭ᠋ᠠᠨ ᠨᠦᠬᠡ᠎ᠲᠠᠢ ᠪᠠᠢ᠌ᠵᠤ᠂ ᠪᠦᠬᠦ ᠮᠦᠴᠢᠷ᠎ᠠᠴᠠ᠎ᠨᠢ ᠰᠦ ᠭᠠᠷᠳᠠᠭ᠃ ᠪᠦᠭᠡᠷᠡᠩᠬᠡᠢ ᠬᠡᠯᠪᠡᠷᠢᠲᠤ ᠬᠤᠤᠰᠯᠠᠨ ᠤᠷᠭᠤᠳᠠᠭ ᠨᠠᠪᠴᠢ᠎ᠲᠠᠢ᠃ ᠲᠠᠪᠤᠨ ᠲᠠᠯᠪᠢ᠎ᠲᠤ ᠰᠢᠷᠠᠪᠲᠤᠷ ᠨᠤᠭᠤᠭ᠋ᠠᠨ ᠦᠩᠭᠡᠲᠤ ᠭᠤᠭᠤᠵᠢᠭᠤᠷ ᠬᠡᠯᠪᠡᠷᠢᠲᠤ ᠴᠡᠴᠡᠭ ᠳᠡᠯᠭᠡᠷᠡᠨ᠎ᠡ᠃ ᠦᠷ᠎ᠡ᠎ᠨᠢ ᠴᠠᠭ᠋ᠠᠨ ᠦᠰᠦ᠎ᠲᠠᠢ ᠪᠠᠢ᠌ᠵᠤ᠂ ᠨᠠᠪᠴᠢ᠂ ᠴᠡᠴᠡᠭ᠂ ᠦᠷ᠎ᠡ᠎ᠨᠢ ᠪᠦᠷ ᠬᠤᠤᠷᠳᠠᠢ᠃