ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠬᠦᠨᠦᠭᠡᠯᠲᠦ ᠰᠢᠪᠡᠵᠢ ᠵᠢᠨ ᠡᠭᠦᠰᠬᠦ ᠬᠤᠭᠤᠴᠠᠭ᠎ᠠ ᠵᠢ ᠤᠷᠢᠳᠴᠢᠯᠠᠨ ᠬᠡᠮᠵᠢᠬᠦ᠎ᠳᠤ ᠶᠠᠮᠠᠷ ᠬᠡᠳᠦᠨ ᠵᠦᠢ᠍ᠯ᠎ᠤᠨ ᠠᠷᠭ᠎ᠠ ᠪᠠᠶ᠋ᠢᠳᠠᠭ ᠪᠤᠢ
ᠨᠡᠶ᠋ᠢᠲᠡᠯᠡᠭᠰᠡᠨ ᠴᠠᠭ᠄ 2021-02-25

      ᠬᠦᠨᠦᠭᠡᠯᠲᠦ ᠰᠢᠪᠡᠵᠢ ᠵᠢᠨ ᠡᠭᠦᠰᠬᠦ ᠬᠤᠭᠤᠴᠠᠭ᠎ᠠ ᠵᠢ ᠬᠡᠮᠵᠢᠬᠦ ᠭᠡᠳᠡᠭ᠎ᠨᠢ ᠳᠠᠷᠤᠢ ᠶᠠᠮᠠᠷ ᠨᠢᠭᠡ ᠵᠦᠢ᠍ᠯ᠎ᠤᠨ ᠬᠦᠨᠦᠭᠡᠯᠲᠦ ᠰᠢᠪᠡᠵᠢ ᠵᠢᠨ ᠶᠠᠮᠠᠷ ᠨᠢᠭᠡᠨ ᠡᠭᠦᠰᠦᠯᠲᠡ ᠵᠢᠨ ᠱᠠᠲᠤᠨ (ᠵᠢᠱ᠌ᠢᠶᠡᠯᠡᠪᠡᠯ ᠬᠦᠨᠦᠭᠡᠯᠲᠦ ᠰᠢᠪᠡᠵᠢ ᠵᠢᠨ ᠨᠠᠰᠤ᠂ ᠲᠦᠯᠦᠪ ᠵᠡᠷᠭᠡ)᠎ᠳᠤ ᠡᠭᠦᠰᠦᠭᠰᠡᠨ ᠬᠤᠭᠤᠴᠠᠭ᠎ᠠ ᠵᠢ ᠤᠷᠢᠳᠴᠢᠯᠠᠨ ᠬᠡᠮᠵᠢᠵᠦ᠂ ᠡᠭᠦᠨ ᠵᠶ᠋ᠠᠷ ᠰᠡᠷᠭᠡᠶ᠋ᠢᠯᠡᠨ ᠵᠠᠰᠠᠬᠤ ᠵᠣᠬᠢᠰᠲᠠᠢ ᠬᠤᠭᠤᠴᠠᠭ᠎ᠠ ᠵᠢ ᠲᠤᠭᠲᠠᠭ᠋ᠠᠬᠤ ᠦᠨᠳᠦᠰᠦᠯᠡᠯ ᠪᠤᠯᠭ᠋ᠠᠨ᠎ᠠ᠃ ᠪᠤᠲᠠᠲᠠᠢ ᠠᠷᠭ᠎ᠠ᠎ᠨᠢ ᠳᠤᠤᠷᠠᠬᠢ ᠮᠡᠲᠦ᠃

     1. ᠲᠡᠦᠬᠡᠨ ᠴᠠᠭ ᠦᠶ᠎ᠠ ᠵᠢᠨ ᠠᠷᠭ᠎ᠠ᠃ ᠶᠠᠮᠠᠷ ᠨᠢᠭᠡᠨ ᠦᠶ᠎ᠡ ᠪᠣᠶᠣ ᠶᠠᠮᠠᠷ ᠨᠢᠭᠡᠨ ᠰᠢᠪᠡᠵᠢ ᠵᠢᠨ ᠲᠦᠯᠦᠪ᠎ᠤᠨ ᠪᠣᠶ᠋ᠢᠵᠢᠯᠲᠠ ᠵᠢᠨ ᠲᠡᠦᠬᠡᠨ ᠴᠠᠭ ᠦᠶ᠎ᠠ ᠵᠢ ᠦᠨᠳᠦᠰᠦᠯᠡᠵᠦ᠂ ᠳᠠᠷᠠᠭ᠎ᠠ ᠨᠢᠭᠡ ᠬᠤᠭᠤᠴᠠᠭ᠋ᠠᠨ᠎ᠤ ᠳᠤᠯᠠᠭ᠋ᠠᠨ᠎ᠤ ᠬᠡᠮᠵᠢᠶ᠎ᠠ ᠵᠡᠷᠭᠡ ᠬᠠᠮᠢᠶ᠎ᠠ ᠪᠦᠬᠦᠢ ᠤᠷᠴᠢᠨ ᠲᠤᠭᠤᠷᠢᠨ᠎ᠤ ᠨᠦᠭᠦᠴᠡᠯ᠎ᠲᠠᠢ ᠤᠶᠠᠯᠳᠣᠭᠤᠯᠣᠨ᠂ ᠳᠠᠷᠠᠭ᠎ᠠ ᠨᠢᠭᠡ ᠦᠶ᠎ᠡ ᠪᠣᠶᠣ ᠳᠠᠷᠠᠭ᠎ᠠ ᠨᠢᠭᠡ ᠰᠢᠪᠡᠵᠢ ᠵᠢᠨ ᠲᠦᠯᠦᠪ᠎ᠤᠨ ᠡᠭᠦᠰᠬᠦ ᠬᠤᠭᠤᠴᠠᠭ᠎ᠠ ᠵᠢ ᠪᠤᠳᠤᠨ ᠭᠠᠷᠭ᠋ᠠᠵᠤ᠂ ᠬᠤᠵᠢᠮ᠎ᠤᠨ ᠰᠡᠷᠭᠡᠶ᠋ᠢᠯᠡᠨ ᠵᠠᠰᠠᠬᠤ ᠵᠤᠬᠢᠰᠲᠠᠢ ᠬᠤᠭᠤᠴᠠᠭ᠎ᠠ᠂ ᠤᠳᠠᠭ᠎ᠠ ᠲᠤᠭ᠎ᠠ ᠪᠤᠯᠤᠨ ᠰᠡᠷᠭᠡᠶ᠋ᠢᠯᠡᠨ ᠵᠠᠰᠠᠬᠤ ᠠᠷᠭ᠎ᠠ ᠵᠢ ᠲᠤᠭᠲᠠᠭ᠋ᠠᠨ᠎ᠠ᠃

     2. ᠬᠤᠭᠤᠴᠠᠭ᠎ᠠ ᠵᠠᠢ ᠵᠢᠨ ᠠᠷᠭ᠎ᠠ᠃ ᠶᠠᠮᠠᠷ ᠨᠢᠭᠡᠨ ᠰᠢᠪᠡᠵᠢ ᠵᠢᠨ ᠲᠦᠯᠦᠪ ᠪᠣᠶᠣ ᠨᠠᠰᠤᠨ᠎ᠤ ᠬᠦᠨᠦᠭᠡᠯᠲᠦ ᠰᠢᠪᠡᠵᠢ ᠵᠢᠨ ᠡᠭᠦᠰᠬᠦ ᠤᠷᠭᠢᠯ᠎ᠤᠨ ᠵᠦᠷᠢᠶ᠎ᠡ ᠵᠢ ᠦᠨᠳᠦᠰᠦᠯᠡᠨ ᠰᠡᠷᠭᠡᠶ᠋ᠢᠯᠡᠨ ᠵᠠᠰᠠᠬᠤ ᠵᠣᠬᠢᠰᠲᠠᠢ ᠬᠤᠭᠤᠴᠠᠭ᠎ᠠ᠎ᠳᠠᠬᠢ ᠡᠳᠦᠷ᠎ᠤᠨ ᠲᠤᠭ᠎ᠠ ᠵᠢ ᠤᠷᠢᠳᠴᠢᠯᠠᠨ ᠬᠡᠮᠵᠢᠬᠦ ᠵᠢ ᠬᠤᠭᠤᠴᠠᠭ᠎ᠠ ᠵᠠᠢ ᠵᠢᠨ ᠠᠷᠭ᠎ᠠ ᠭᠡᠨ᠎ᠡ᠃

     3. ᠠᠮᠢᠳᠤᠷᠠᠯ᠎ᠤᠨ ᠬᠡᠮ᠎ᠤᠨ ᠠᠷᠭ᠎ᠠ᠃ ᠦᠭᠡᠷ᠎ᠡ ᠪᠤᠰᠤᠳ ᠠᠮᠢᠳᠤ ᠪᠤᠳᠠᠰ᠎ᠤᠨ ᠦᠵᠡᠭᠳᠡᠯ᠎ᠢ ᠠᠰᠢᠭᠯᠠᠨ ᠬᠦᠨᠦᠭᠡᠯᠲᠦ ᠰᠢᠪᠡᠵᠢ ᠵᠢᠨ ᠡᠭᠦᠰᠬᠦ ᠬᠤᠭᠤᠴᠠᠭ᠎ᠠ ᠵᠢ ᠤᠷᠢᠳᠴᠢᠯᠠᠨ ᠬᠡᠮᠵᠢᠬᠦ ᠵᠢ ᠠᠮᠢᠳᠤᠷᠠᠯ᠎ᠤᠨ ᠬᠡᠮ᠎ᠤᠨ ᠠᠷᠭ᠎ᠠ ᠭᠡᠨ᠎ᠡ᠃

     4. ᠠᠰᠢᠭᠲᠤ ᠬᠤᠷᠠᠮᠠᠯ ᠳᠤᠯᠠᠭ᠋ᠠᠨ᠎ᠤ ᠠᠷᠭ᠎ᠠ᠃ ᠵᠦᠢ᠍ᠯ ᠪᠦᠷᠢ ᠵᠢᠨ ᠬᠤᠷᠤᠬᠠᠢ ᠰᠢᠪᠡᠵᠢ᠎ᠨᠢ ᠶᠠᠮᠠᠷ ᠨᠢᠭᠡᠨ ᠪᠣᠶ᠋ᠢᠵᠢᠯᠲᠠ ᠵᠢᠨ ᠶᠠᠪᠤᠴᠠ᠎ᠳᠠᠭᠠᠨ ᠪᠦᠷ ᠵᠤᠬᠢᠬᠤ ᠬᠡᠮᠵᠢᠶᠡᠨ᠎ᠤ ᠠᠰᠢᠭᠲᠤ ᠳᠤᠯᠠᠭ᠋ᠠᠨ᠎ᠢ ᠬᠤᠷᠠᠮᠳᠤᠭᠤᠯᠳᠠᠭ᠂ ᠡᠭᠦᠨ᠎ᠢ ᠠᠰᠢᠭᠲᠤ ᠬᠤᠷᠠᠮᠠᠯ ᠳᠤᠯᠠᠭ᠋ᠠᠨ ᠭᠡᠨ᠎ᠡ᠃ ᠤᠷᠴᠢᠨ ᠲᠤᠭᠤᠷᠢᠨ᠎ᠤ ᠳᠤᠯᠠᠭ᠋ᠠᠨ᠎ᠤ ᠬᠡᠮᠵᠢᠶ᠎ᠡ᠎ᠨᠢ ᠬᠤᠷᠤᠬᠠᠢ ᠰᠢᠪᠡᠵᠢ ᠵᠢᠨ ᠪᠤᠶ᠋ᠢᠵᠢᠬᠤ ᠡᠬᠢᠯᠡᠯᠲᠡ ᠵᠢᠨ ᠳᠤᠯᠠᠭ᠋ᠠᠨ᠎ᠠᠴᠠ ᠦᠨᠳᠦᠷ ᠦᠶᠡᠰ ᠬᠤᠷᠤᠬᠠᠢ ᠰᠢᠪᠡᠵᠢ ᠡᠬᠢᠯᠡᠨ ᠪᠤᠶ᠋ᠢᠵᠢᠨ᠎ᠠ᠃ ᠶᠡᠷᠦ᠎ᠳᠡᠭᠡᠨ ᠠᠰᠢᠭᠲᠤ ᠳᠤᠯᠠᠭ᠋ᠠᠨ᠎ᠨᠢ ᠶᠠᠮᠠᠷ ᠨᠢᠭᠡᠨ ᠪᠤᠶ᠋ᠢᠵᠢᠯᠲᠠ ᠵᠢᠨ ᠱᠠᠲᠤᠨ᠎ᠤ ᠬᠡᠷᠡᠭᠰᠡᠬᠦ ᠴᠠᠭ᠎ᠲᠠᠢ᠎ᠪᠠᠨ ᠣᠷᠪᠠᠭᠤ ᠬᠠᠷᠢᠴᠠᠭ᠎ᠠ᠎ᠲᠠᠢ ᠪᠠᠶ᠋ᠢᠳᠠᠭ᠃

     (ᠢᠷᠡᠯᠲᠡ᠄ ᠰᠢ ᠶᠢᠩ᠎ᠤᠨ ᠨᠠᠶ᠋ᠢᠷᠠᠭᠤᠯᠤᠭᠰᠠᠨ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)
   

ᠢᠷᠡᠯᠲᠡ᠄ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》
          
ᠬᠠᠮᠢᠶ᠎ᠡ ᠪᠦᠬᠦᠢ ᠰᠣᠨᠢᠨ
ᠨᠤᠳᠤᠭ ᠪᠡᠯᠴᠢᠭᠡᠷ᠎ᠤᠨ ᠠᠮᠢ ᠠᠬᠤᠢ ᠵᠢᠨ ᠴᠢᠳᠠᠪᠤᠷᠢ ᠭᠢᠭᠡᠳ ᠲᠠᠭ᠋ᠠᠭ᠋ᠠᠴᠠ ᠴᠢᠳᠠᠯ᠎ᠢ ᠭᠡᠷᠭᠢᠨ ᠵᠦᠪ ᠲᠠᠨᠢᠬᠤ ᠪᠤᠢ?
 ᠮᠠᠨ᠎ᠤ ᠤᠯᠤᠰ᠎ᠤᠨ ᠨᠤᠳᠤᠭ ᠪᠡᠯᠴᠢᠭᠡᠷ᠎ᠤᠨ ᠲᠠᠴᠢᠷᠳᠡᠯ᠎ᠤᠨ ᠦᠨᠳᠤᠰᠤ ᠰᠤᠷᠪᠤᠯᠵᠢ ᠭᠢᠭᠡᠳ ᠠᠬᠤᠢ ᠪᠠᠶ᠋ᠢᠳᠠᠯ ᠶᠠᠮᠠᠷ ᠪᠠᠶ᠋ᠢᠭ᠎ᠠ ᠪᠤᠢ?
ᠡᠯᠡᠰᠣᠷᠬᠡᠭ ᠭᠠᠵᠠᠷ᠎ᠲᠤ ᠬᠠᠷᠭ᠋ᠠᠨ᠎ᠡ ᠲᠠᠷᠢᠪᠡᠯ
ᠪᠡᠯᠴᠢᠭᠡᠷ᠎ᠢ ᠠᠮᠠᠷᠠᠭᠤᠯᠵᠤ ᠠᠰᠢᠬᠯᠠᠬᠤ ᠵᠢᠨ ᠤᠬᠠᠭ᠋ᠠᠨ
ᠬᠠᠳᠤᠯᠠᠩ᠎ᠢ ᠰᠠᠶ᠋ᠢᠵᠢᠷᠠᠭᠤᠯᠬᠤ ᠠᠷᠭ᠎ᠠ
 
             蒙ICP备05000248号