1. ᠬᠠᠳᠤᠯᠠᠩ᠎ᠤᠨ ᠭᠠᠵᠠᠷ ᠳᠡᠭᠡᠷᠡᠬᠢ ᠴᠢᠯᠠᠭᠤ᠂ ᠰᠢᠷᠤᠢ ᠵᠢᠨ ᠣᠪᠣᠭ᠎ᠠ᠂ ᠪᠤᠲᠠ ᠮᠤᠳᠤ᠂ ᠮᠤᠳᠤᠨ ᠬᠤᠵᠢᠰᠦ ᠵᠡᠷᠭᠡ ᠵᠢ ᠴᠡᠪᠡᠷᠯᠡᠵᠦ᠂ ᠬᠠᠳᠤᠯᠠᠩ ᠪᠡᠯᠴᠢᠭᠡᠷ᠎ᠢ ᠪᠢᠲᠡᠭᠦᠮᠵᠢᠯᠡᠨ ᠤᠷᠭᠤᠭᠤᠯᠤᠨ᠎ᠠ᠃
2. ᠬᠠᠳᠤᠯᠠᠩᠢ ᠤᠰᠤᠯᠠᠬᠤ᠂ ᠴᠠᠰᠦ ᠴᠤᠭᠯᠠᠭᠤᠯᠬᠤ᠂ ᠤᠰᠤ ᠵᠢ ᠭᠠᠳᠠᠭᠰᠢᠯᠠᠭᠤᠯᠬᠤ᠂ ᠤᠰᠤᠨ᠎ᠤ ᠡᠬᠢ ᠰᠤᠷᠪᠤᠯᠵᠢ ᠵᠢ ᠨᠡᠬᠡᠬᠡᠨ ᠠᠰᠢᠭᠯᠠᠬᠤ ᠵᠢ ᠠᠩᠬᠠᠷᠴᠦ᠂ ᠬᠠᠳᠤᠯᠠᠩ᠎ᠤᠨ ᠤᠰᠤᠨ᠎ᠤ ᠪᠠᠶ᠋ᠢᠳᠠᠯ᠎ᠢ ᠰᠠᠶ᠋ᠢᠵᠢᠷᠠᠭᠤᠯᠬᠤ ᠪᠠ ᠲᠤᠬᠢᠷᠠᠭᠤᠯᠤᠨ᠎ᠠ᠃
3. ᠬᠦᠷᠦᠰᠦ ᠵᠢ ᠰᠤᠯᠠᠷᠠᠭᠤᠯᠬᠤ᠂ ᠬᠦᠶᠦᠬᠡᠨ ᠤᠷᠪᠠᠭᠤᠯᠵᠤ ᠨᠠᠷᠠᠭᠳᠠᠬᠤ᠂ ᠬᠦᠷᠦᠰᠦ ᠵᠢ ᠰᠤᠯᠠᠷᠠᠭᠤᠯᠵᠦ ᠦᠨᠳᠦᠰᠦ ᠵᠢ ᠳᠠᠰᠤᠳᠠᠬᠤ ᠮᠡᠲᠦ ᠵᠢᠨ ᠠᠷᠭ᠎ᠠ᠎ᠪᠠᠷ ᠬᠦᠷᠦᠰᠦ ᠰᠢᠷᠦᠢ ᠵᠢᠨ ᠬᠡᠢ ᠠᠭ᠋ᠠᠷ ᠨᠡᠪᠲᠡᠷᠡᠬᠦ ᠨᠦᠬᠦᠴᠡᠯ᠎ᠢ ᠰᠠᠶ᠋ᠢᠵᠢᠷᠠᠭᠤᠯᠤᠨ᠎ᠠ᠃
4. ᠤᠷᠭ᠋ᠠᠨᠢᠭ ᠪᠤᠷᠳᠤᠭᠤᠷ᠂ ᠤᠷᠭ᠋ᠠᠨᠢᠭ ᠪᠤᠰᠤ ᠪᠤᠷᠳᠤᠭᠤᠷ (ᠬᠢᠮᠢ ᠵᠢᠨ ᠪᠤᠷᠳᠤᠭᠤᠷ)᠂ ᠪᠢᠴᠢᠯ ᠡᠯᠧᠮᠧᠨ᠋ᠲ ᠠᠭᠤᠯᠤᠭᠰᠠᠨ ᠪᠤᠷᠳᠤᠭᠤᠷ᠎ᠢ ᠬᠡᠷᠡᠭᠯᠡᠵᠦ᠂ ᠬᠦᠷᠦᠰᠦ ᠰᠢᠷᠤᠢ᠎ᠳᠤ ᠰᠢᠮ᠎ᠡ ᠲᠡᠵᠢᠭᠡᠯ ᠨᠦᠬᠦᠪᠦᠷᠢᠯᠡᠨ ᠬᠠᠳᠤᠯᠠᠩ᠎ᠤᠨ ᠤᠷᠭᠤᠴᠠ ᠵᠢ ᠰᠠᠶ᠋ᠢᠵᠢᠷᠠᠭᠤᠯᠤᠨ᠎ᠠ᠃
5. ᠬᠠᠳᠤᠯᠠᠩᠲᠠᠬᠢ ᠮᠠᠯ᠎ᠲᠤ ᠬᠤᠤᠷ᠎ᠲᠠᠢ᠂ ᠬᠦᠨᠦᠬᠡᠯᠳᠡᠢ ᠤᠷᠭᠤᠮᠠᠯ᠎ᠢ ᠰᠡᠷᠭᠡᠶ᠋ᠢᠯᠡᠨ ᠠᠷᠢᠯᠭ᠋ᠠᠬᠤ ᠬᠡᠷᠡᠭᠳᠡᠢ᠃
6. ᠭᠠᠵᠠᠷ ᠤᠷᠤᠨ᠎ᠳᠠᠭᠠᠨ ᠲᠤᠬᠢᠷᠠᠭᠰᠠᠨ ᠰᠢᠯᠢᠳᠡᠭ ᠴᠢᠨᠠᠷᠲᠠᠢ ᠲᠡᠵᠢᠭᠡᠯ ᠡᠪᠡᠰᠦᠨ᠎ᠤ ᠦᠷ᠎ᠠ ᠵᠢ ᠰᠤᠩᠭᠤᠵᠦ᠂ ᠰᠢᠭᠤᠳ ᠲᠠᠷᠢᠬᠤ ᠮᠠᠰᠢᠨ ᠵᠶ᠋ᠠᠷ ᠲᠠᠷᠢᠬᠤ ᠪᠤᠶᠤ ᠨᠦᠬᠦᠵᠦ ᠲᠠᠷᠢᠬᠤ᠎ᠲᠠᠢ ᠤᠶᠠᠯᠳᠤᠭᠤᠯᠤᠨ ᠪᠤᠷᠳᠤᠭᠤᠷ ᠤᠷᠤᠭᠤᠯᠵᠦ᠂ ᠬᠠᠳᠤᠯᠠᠩ᠎ᠤᠨ ᠤᠷᠭᠤᠮᠠᠯ᠎ᠤᠨ ᠪᠦᠷᠬᠦᠴᠡ ᠵᠢ ᠰᠠᠶ᠋ᠢᠵᠢᠷᠠᠭᠤᠯᠤᠨ᠎ᠠ᠃
ᠦᠢ᠍ᠯᠡᠳᠪᠦᠷᠢᠯᠡᠯ ᠳᠤᠮᠳᠠ ᠲᠡᠭᠡᠷ᠎ᠡ ᠳᠤᠷᠠᠳᠤᠭᠰᠠᠨ ᠠᠵᠢᠯ᠎ᠤᠨ ᠠᠯᠢ ᠨᠢᠬᠡ ᠵᠢ᠎ᠨᠢ ᠴᠦ᠍ ᠤᠮᠳᠤᠭ᠋ᠠᠶ᠋ᠢᠯᠠᠵᠦ ᠪᠤᠯᠬᠤ ᠦᠭᠡᠢ᠃ ᠦᠩᠭᠡᠷᠡᠭᠰᠡᠨ ᠰᠢᠭ ᠠᠰᠢᠭᠯᠠᠬᠤ ᠵᠢ ᠯᠠ ᠮᠡᠳᠡᠭᠡᠳ ᠪᠦᠲᠦᠭᠡᠨ ᠪᠠᠶ᠋ᠢᠭᠤᠯᠬᠤ ᠵᠢ ᠬᠦᠩᠭᠡᠪᠴᠢᠯᠡᠬᠦ᠂ ᠬᠤᠴᠤᠷᠤᠩᠭᠤᠢ ᠪᠦᠳᠦᠬᠦᠯᠢᠭ ᠠᠷᠭ᠎ᠠ᠎ᠪᠠᠷ ᠡᠵᠡᠩᠨᠡᠨ ᠬᠠᠮᠢᠶᠠᠷᠬᠤ ᠦᠵᠡᠭᠳᠡᠯ᠎ᠢ ᠦᠳᠲᠡᠷ ᠲᠦᠷᠭᠡᠨ ᠦᠭᠡᠶ᠋ᠢᠰᠭᠡᠵᠦ᠂ ᠪᠦᠳᠦᠭᠦᠯᠢᠭ ᠡᠵᠡᠩᠨᠡᠯᠲᠡᠠᠴᠠᠪᠠᠨ ᠡᠷᠴᠢᠮᠵᠢᠬᠦᠯᠦᠭᠰᠡᠨ ᠡᠵᠡᠩᠨᠡᠯᠲᠡ ᠪᠤᠯᠭ᠋ᠠᠨ ᠬᠤᠪᠢᠷᠠᠭᠤᠯᠬᠤ ᠬᠡᠷᠡᠭᠳᠡᠢ᠃