ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠡᠯᠳᠡᠪ ᠡᠪᠡᠰᠦ ᠵᠢ ᠰᠡᠷᠭᠡᠶ᠋ᠢᠯᠡᠨ ᠵᠠᠰᠠᠬᠤ᠎ᠳᠤ ᠶᠠᠮᠠᠷ ᠬᠡᠳᠦᠨ ᠵᠦᠢ᠍ᠯ᠎ᠤᠨ ᠠᠷᠭ᠎ᠠ ᠪᠠᠶ᠋ᠢᠳᠠᠭ ᠪᠤᠢ
ᠨᠡᠶ᠋ᠢᠲᠡᠯᠡᠭᠰᠡᠨ ᠴᠠᠭ᠄ 2021-04-07

     1. ᠬᠦᠮᠦᠨ᠎ᠤ ᠬᠦᠴᠦ᠎ᠪᠠᠷ ᠠᠷᠢᠯᠭ᠋ᠠᠬᠤ᠃ ᠡᠭᠦᠨ᠎ᠳᠤ ᠭᠠᠷ ᠵᠶ᠋ᠠᠷ ᠵᠶ᠋ᠠᠨ ᠦᠭᠳᠡᠭᠡᠬᠦ ᠪᠠ ᠳᠦᠭᠦᠮ ᠲᠠᠷᠢᠶᠠᠯᠠᠩ᠎ᠤᠨ ᠪᠠᠭ᠋ᠠᠵᠢ᠎ᠪᠠᠷ ᠡᠪᠡᠰᠦ ᠠᠷᠢᠯᠭ᠋ᠠᠬᠤ ᠪᠠᠭᠲᠠᠨ᠎ᠠ᠃ 2. ᠮᠠᠰᠢᠨ ᠵᠶ᠋ᠠᠷ ᠡᠪᠡᠰᠦ ᠠᠷᠢᠯᠭ᠋ᠠᠬᠤ᠃ ᠮᠠᠯ ᠤᠨᠤᠭ᠎ᠠ ᠵᠢᠨ ᠬᠦᠴᠦ ᠪᠤᠶᠤ ᠮᠧᠬᠠᠨᠢᠭ ᠬᠦᠳᠡᠯᠭᠡᠭᠴᠢ ᠬᠦᠴᠦ᠎ᠪᠠᠷ ᠡᠪᠡᠰᠦ ᠠᠷᠢᠯᠭ᠋ᠠᠬᠤ ᠮᠠᠰᠢᠨ᠎ᠢ ᠲᠠᠲᠠᠭᠤᠯᠤᠨ ᠡᠪᠡᠰᠦ ᠠᠷᠢᠯᠭ᠋ᠠᠬᠤ᠃ 3. ᠹᠢᠽᠢᠺ᠎ᠤᠨ ᠠᠷᠭ᠎ᠠ᠎ᠪᠠᠷ ᠡᠪᠡᠰᠦ ᠠᠷᠢᠯᠭ᠋ᠠᠬᠤ᠃ ᠤᠰᠤ᠂ ᠭᠡᠷᠡᠯ᠂ ᠢᠯᠴᠢ ᠵᠡᠷᠭᠡ ᠹᠢᠽᠢᠺ᠎ᠤᠨ ᠡᠯᠧᠮᠧᠨ᠋ᠲ᠎ᠢ ᠠᠰᠢᠭᠯᠠᠨ ᠡᠪᠡᠰᠦ ᠠᠷᠢᠯᠭ᠋ᠠᠨ᠎ᠠ᠃ ᠵᠢᠱ᠌ᠢᠶᠡᠯᠡᠪᠡᠯ ᠰᠢᠲᠠᠭ᠋ᠠᠬᠤ ᠠᠷᠭ᠎ᠠ᠎ᠪᠠᠷ ᠬᠠᠭ᠋ᠠᠯᠪᠤᠷᠢᠯᠠᠭᠰᠠᠨ ᠭᠠᠵᠠᠷ᠎ᠲᠠᠬᠢ ᠡᠪᠡᠰᠦ ᠵᠢ ᠠᠷᠢᠯᠭ᠋ᠠᠨ᠎ᠠ᠃ 4. ᠬᠢᠮᠢ ᠵᠢᠨ ᠠᠷᠭ᠎ᠠ᠎ᠪᠠᠷ ᠡᠪᠡᠰᠦ ᠠᠷᠢᠯᠭ᠋ᠠᠬᠤ᠃ ᠳᠠᠷᠤᠢ ᠬᠢᠮᠢ ᠵᠢᠨ ᠡᠪᠡᠰᠦ ᠠᠷᠢᠯᠭ᠋ᠠᠭᠴᠢ ᠡᠳ᠋᠎ᠢ ᠬᠡᠷᠡᠭᠯᠡᠨ ᠡᠯᠳᠡᠪ ᠡᠪᠡᠰᠦ ᠵᠢ ᠠᠷᠢᠯᠭ᠋ᠠᠬᠤ ᠮᠦᠷᠲᠡᠭᠡᠨ ᠲᠠᠷᠢᠮᠠᠯ᠎ᠢ ᠭᠡᠮᠲᠦᠭᠡᠬᠦ ᠦᠭᠡᠢ᠃ ᠦᠷ᠎ᠡ᠎ᠠᠴᠠ ᠨᠠᠬᠢᠶᠠᠯᠠᠨ ᠭᠠᠷᠤᠭᠰᠠᠨ ᠨᠢᠭᠡ ᠨᠠᠰᠤᠲᠤ ᠡᠯᠳᠡᠪ ᠡᠪᠡᠰᠦ ᠵᠢ ᠠᠷᠢᠯᠭ᠋ᠠᠬᠤ᠎ᠳᠠᠭᠠᠨ ᠶᠡᠷᠦ᠎ᠳᠡᠭᠡᠨ ᠦᠢ᠍ᠯᠡᠳᠦᠯᠲᠦ ᠴᠢᠨᠠᠷ ᠵᠶ᠋ᠠᠷ ᠤᠳᠠᠭ᠋ᠠᠨ ᠳᠠᠭ᠋ᠠᠭ᠋ᠠᠮᠠᠭ᠋ᠠᠢ ᠬᠦᠷᠦᠰᠦ ᠲᠤᠭᠤᠯᠤᠭᠤᠯᠬᠤ ᠡᠳ᠋᠎ᠢ ᠬᠡᠷᠡᠭᠯᠡᠵᠦ᠂ ᠦᠨᠳᠦᠰᠦᠯᠢᠭ ᠡᠰᠢ᠎ᠠᠴᠠ ᠨᠠᠬᠢᠶᠠᠯᠠᠭᠰᠠᠨ ᠤᠯᠠᠨ ᠨᠠᠰᠤᠲᠤ ᠡᠯᠳᠡᠪ ᠡᠪᠡᠰᠦ ᠵᠢ ᠠᠷᠢᠯᠭ᠋ᠠᠬᠤ᠎ᠳᠠᠭᠠᠨ ᠳᠠᠮᠵᠢᠭᠤᠯᠬᠤ ᠦᠢ᠍ᠯᠡᠳᠦᠯ ᠵᠶ᠋ᠠᠷ ᠴᠢᠩᠭ᠎ᠠ᠂ ᠰᠤᠩᠭᠤᠯᠲᠠ᠎ᠲᠠᠢ ᠡᠪᠡᠰᠦ ᠠᠷᠢᠯᠭ᠋ᠠᠭᠴᠢ ᠡᠳ᠋᠎ᠢ ᠬᠡᠷᠡᠭᠯᠡᠨ᠎ᠡ᠃ 5. ᠠᠮᠢᠳᠤ ᠪᠤᠳᠠᠰ ᠵᠶ᠋ᠠᠷ ᠡᠪᠡᠰᠦ ᠠᠷᠢᠯᠭ᠋ᠠᠬᠤ᠃ ᠬᠤᠷᠤᠬᠠᠢ ᠰᠢᠪᠠᠵᠢ᠂ ᠮᠠᠯ ᠵᠢᠭᠦᠷᠲᠡᠨ᠂ ᠡᠪᠡᠳᠴᠢᠨ ᠡᠭᠦᠰᠭᠡᠭᠴᠢ ᠮᠢᠺᠷᠣᠪ ᠪᠤᠯᠤᠨ ᠦᠷᠢᠰᠦᠯᠳᠦᠬᠦ ᠬᠦᠴᠦ᠎ᠪᠠᠷ ᠴᠢᠩᠭ᠎ᠠ ᠤᠷᠭᠤᠮᠠᠯ ᠵᠢᠴᠢ ᠲᠡᠭᠦᠨ᠎ᠤ ᠰᠤᠯᠢᠯᠴᠠᠭ᠋ᠠᠨ᠎ᠤ ᠪᠦᠲᠦᠭᠡᠭᠳᠡᠬᠦᠨ᠎ᠢ ᠠᠰᠢᠭᠯᠠᠨ ᠡᠯᠳᠡᠪ ᠡᠪᠡᠰᠦ ᠵᠢ ᠰᠡᠷᠭᠡᠶ᠋ᠢᠯᠡᠬᠦ ᠪᠤᠶᠤ ᠠᠷᠢᠯᠭ᠋ᠠᠨ᠎ᠠ᠃ ᠵᠢᠱ᠌ᠢᠶᠡᠯᠡᠪᠡᠯ ᠲᠤᠲᠤᠷᠭ᠋ᠠᠨ ᠲᠠᠷᠢᠶᠠᠨ ᠳᠤᠮᠳᠠ ᠵᠢᠭ᠋ᠠᠰᠤ ᠲᠡᠵᠢᠭᠡᠬᠦ᠂ ᠨᠤᠭᠤᠰᠤ᠎ᠪᠠᠷ ᠡᠯᠳᠡᠪ ᠡᠪᠡᠰᠦ ᠵᠢ ᠰᠡᠷᠭᠡᠶ᠋ᠢᠯᠡᠨ ᠠᠷᠢᠯᠭ᠋ᠠᠬᠤ ᠵᠡᠷᠭᠡ᠃ 6. ᠠᠮᠢ ᠠᠬᠤᠢ ᠵᠢᠨ ᠡᠪᠡᠰᠦ ᠠᠷᠢᠯᠭ᠋ᠠᠬᠤ᠃ ᠲᠠᠷᠢᠶᠠᠯᠠᠩ᠎ᠤᠨ ᠪᠤᠶᠤ ᠪᠤᠰᠤᠳ ᠠᠷᠭ᠎ᠠ ᠵᠢ ᠬᠡᠷᠡᠭᠯᠡᠨ᠂ ᠨᠡᠯᠢᠶᠡᠳ ᠶᠡᠭᠡ ᠬᠡᠪᠴᠢᠶᠡᠨ᠎ᠤ ᠳᠤᠲᠤᠷ᠎ᠠ ᠲᠠᠷᠢᠮᠠᠯ᠎ᠤᠨ ᠤᠷᠭᠤᠯᠲᠠ᠎ᠳᠤ ᠠᠰᠢᠭᠲᠠᠢ ᠪᠤᠯᠪᠠᠴᠤ ᠡᠯᠳᠡᠪ ᠡᠪᠡᠰᠦᠨ᠎ᠤ ᠤᠷᠭᠤᠯᠲᠠ᠎ᠳᠤ ᠠᠰᠢᠭ ᠦᠭᠡᠢ ᠠᠮᠢ ᠠᠬᠤᠢ ᠵᠢᠨ ᠤᠷᠴᠢᠨ ᠲᠤᠭᠤᠷᠢᠨ᠎ᠢ ᠪᠤᠢ ᠪᠤᠯᠭ᠋ᠠᠨ᠎ᠠ᠃ ᠵᠢᠱ᠌ᠢᠶᠡᠯᠡᠪᠡᠯ ᠤᠰᠤ ᠬᠠᠭᠤᠷᠠᠢ ᠵᠢᠨ ᠲᠠᠷᠢᠶ᠎ᠠ ᠵᠢ ᠡᠭᠡᠯᠵᠢᠯᠡᠨ ᠲᠠᠷᠢᠬᠤ ᠳᠦᠷᠢᠮ᠎ᠢ ᠬᠡᠷᠡᠭᠵᠢᠭᠦᠯᠬᠦ᠎ᠨᠢ ᠮᠠᠰᠢ ᠤᠯᠠᠨ ᠤᠰᠤᠳᠤᠯ᠎ᠳᠤ ᠲᠡᠰᠪᠦᠷᠢ ᠦᠭᠡᠢ ᠪᠤᠶᠤ ᠭᠠᠩ᠎ᠳᠤ ᠲᠡᠰᠪᠦᠷᠢ ᠦᠭᠡᠢ ᠡᠯᠳᠡᠪ ᠡᠪᠡᠰᠦ ᠵᠢ ᠨᠡᠯᠢᠶᠡᠳ ᠰᠠᠶ᠋ᠢᠨ ᠵᠶ᠋ᠠᠷ ᠬᠢᠵᠠᠭ᠋ᠠᠷᠯᠠᠵᠤ ᠴᠢᠳᠠᠳᠠᠭ᠃


     (ᠢᠷᠡᠯᠲᠡ᠄ ᠰᠢ ᠢᠩ᠎ᠤᠨ ᠨᠠᠶ᠋ᠢᠷᠠᠭᠤᠯᠤᠭᠰᠠᠨ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)

ᠢᠷᠡᠯᠲᠡ᠄ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》
          
ᠬᠠᠮᠢᠶ᠎ᠡ ᠪᠦᠬᠦᠢ ᠰᠣᠨᠢᠨ
ᠡᠯᠡᠰᠦᠨ ᠴᠦᠯ᠎ᠤᠨ ᠤᠷᠭᠤᠮᠠᠯ ᠶᠠᠭ᠋ᠠᠬᠢᠭ᠋ᠠᠳ ᠭᠠᠩᠰᠠᠭ ᠪᠠᠢ᠌ᠳᠠᠭ ᠪᠤᠢ?
ᠣᠷᠭᠤᠮᠠᠯ᠎ᠤᠨ ᠳᠤᠰᠦ ᠦᠮᠡᠨ ᠡᠬᠦᠰᠭᠡᠨ᠎ᠡ ᠦᠦ?
ᠡᠯᠡᠰᠦᠨ ᠰᠢᠭᠤᠷᠭ᠎ᠠ ᠴᠤᠬᠤᠮ ᠶᠠᠮᠠᠷ ᠰᠢᠯᠳᠠᠭ᠋ᠠᠨ᠎ᠠᠴᠠ ᠪᠤᠢ ᠪᠤᠯᠤᠠᠠᠰᠠᠨ ᠪᠤᠢ?
ᠡᠯᠡᠰᠦᠷᠭᠡᠭᠵᠢᠭᠰᠡᠨ ᠭᠠᠵᠠᠷ ᠨᠤᠳᠤᠭ᠎ᠢ ᠶᠠᠭ᠋ᠠᠭᠢᠨ ᠪᠦᠳᠦᠮᠵᠢᠳᠡᠢ᠎ᠪᠠᠷ ᠵᠠᠰᠠᠬᠤ ᠪᠤᠢ?
ᠶᠠᠭᠤ ᠵᠢ ᠤᠷᠭᠤᠮᠠᠯ᠎ᠤᠨ ᠬᠦᠨᠦᠭᠡᠯ᠎ᠢ ᠡᠰᠡᠷᠭᠦᠴᠡᠬᠦ ᠴᠢᠨᠠᠷ ᠭᠡᠳᠡᠭ ᠪᠣᠢ
 
             蒙ICP备05000248号