ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠣᠷᠭᠤᠮᠠᠯ᠎ᠤᠨ ᠳᠤᠰᠦ ᠦᠮᠡᠨ ᠡᠬᠦᠰᠭᠡᠨ᠎ᠡ ᠦᠦ?
ᠨᠡᠶ᠋ᠢᠲᠡᠯᠡᠭᠰᠡᠨ ᠴᠠᠭ᠄ 2021-06-02

     《ᠣᠷᠭᠤᠮᠠᠯ᠎ᠤᠨ ᠳᠤᠰᠦ᠎ᠪᠠᠷ ᠬᠤᠭᠤᠯᠠ ᠪᠠᠵᠠᠭ᠋ᠠᠪᠠᠯ ᠦᠮᠡᠨ ᠤᠯᠤᠨ᠎ᠠ》 ᠭᠡᠬᠦ ᠵᠡᠷᠭᠡ 《ᠰᠢᠨᠵᠢᠯᠡᠬᠦ ᠤᠬᠠᠭ᠋ᠠᠨ᠎ᠤ》 10 ᠴᠤᠤᠷᠬᠠᠯ ᠤᠤᠯ ᠵᠢᠬᠰᠠᠭ᠋ᠠᠯᠲᠠ᠎ᠳᠤ ᠵᠢᠬᠰᠠᠭ᠋ᠠᠭᠲᠠᠵᠠᠢ᠃ ᠳᠡᠭᠡᠪᠡᠯ ᠣᠷᠭᠤᠮᠠᠯ᠎ᠤᠨ ᠳᠤᠰᠦ᠎ᠪᠠᠷ ᠬᠤᠭᠤᠯᠠ ᠪᠠᠵᠠᠭ᠋ᠠᠪᠠᠯ ᠦᠨᠡᠭᠡᠷ ᠦᠮᠡᠨ ᠡᠪᠡᠳᠴᠢᠨ ᠤᠯᠤᠨ᠎ᠠ ᠤᠤ? ᠳᠤᠰᠬᠠᠢ ᠮᠡᠷᠭᠡᠵᠢᠯᠲᠠᠨ ᠬᠡᠯᠡᠬᠦ᠎ᠳᠡᠭᠡᠨ᠂ ᠳᠤᠰᠤᠨ ᠢᠲᠡᠭᠡᠨ᠎ᠤ ᠰᠠᠶ᠋ᠢᠨ ᠮᠠᠭᠤ ᠵᠢ ᠦᠨᠡᠯᠡᠬᠦ᠎ᠳᠤ ᠶᠡᠷᠦᠩᠬᠡᠢ ᠡᠯᠧᠮᠧᠨ᠋ᠲ᠎ᠢ ᠪᠤᠲᠤᠯᠬᠢᠯᠠᠬᠤ ᠬᠡᠷᠡᠭᠲᠡᠢ᠂ ᠡᠬᠦᠨ᠎ᠳᠤ ᠠᠲᠠᠭ ᠪᠠᠭ᠎ᠠ᠎ᠳᠠᠭᠠᠨ ᠭᠤᠷᠪᠠᠨ ᠲᠠᠯ᠎ᠠ ᠵᠢ ᠪᠤᠲᠤᠯᠬᠢᠯᠠᠬᠤ ᠬᠡᠷᠡᠭᠲᠡᠢ᠄ ᠨᠢᠭᠡ᠎ᠳᠤ᠂ ᠳᠤᠰᠤᠨ᠎ᠤ ᠦᠭᠡᠬᠦᠨ ᠬᠦᠴᠢᠯ᠎ᠤᠨ ᠪᠦᠷᠢᠯᠳᠦᠯ ᠪᠤᠯᠤᠨ ᠭᠯᠢᠼᠧᠷᠢᠨᠲᠤ ᠡᠰᠲ᠋ᠧᠷ᠎ᠤᠨ ᠪᠦᠳᠦᠴᠠ᠎ᠨᠢ ᠵᠤᠬᠢᠰᠳᠠᠢ ᠪᠠᠶ᠋ᠢᠬᠤ ᠡᠰᠡᠬᠦ ᠵᠢ ᠦᠵᠡᠬᠦ ᠬᠡᠷᠡᠭᠲᠡᠢ; ᠬᠤᠶᠠᠷ᠎ᠲᠤ᠂ ᠬᠦᠮᠦᠨ᠎ᠤ ᠪᠡᠶ᠎ᠡ ᠵᠢᠨ ᠡᠷᠡᠬᠦᠯ ᠮᠠᠨᠳᠦ᠎ᠳᠤ ᠳᠤᠰᠠᠳᠠᠢ ᠪᠠᠶ᠋ᠢᠭ᠋ᠠᠯᠢ ᠵᠢᠨ ᠪᠢᠴᠢᠯ ᠬᠡᠮᠵᠢᠶᠠᠨ᠎ᠤ ᠰᠢᠮ᠎ᠡ ᠲᠡᠵᠢᠭᠡᠯ᠎ᠤᠨ ᠠᠬᠤᠭᠤᠯᠤᠬᠲᠠᠴᠠ ᠵᠢ ᠦᠵᠡᠬᠦ ᠬᠡᠷᠡᠭᠲᠡᠢ; ᠭᠤᠷᠪᠠ᠎ᠳᠤ᠂ ᠬᠦᠮᠦᠨ᠎ᠤ ᠪᠡᠶ᠎ᠡ᠎ᠳᠤ ᠬᠤᠤᠷᠲᠠᠢ ᠡᠳ᠋ ᠪᠠᠶ᠋ᠢᠬᠤ ᠡᠰᠡᠬᠦ ᠵᠢ ᠦᠵᠡᠬᠦ ᠬᠡᠷᠡᠭᠲᠡᠢ᠃ ᠤᠤᠯ ᠮᠡᠲᠡᠭᠡᠯᠡᠯ᠎ᠳᠤ ᠤᠷᠲᠤ ᠴᠠᠭ ᠵᠶ᠋ᠠᠷ ᠬᠠᠭ᠋ᠠᠷᠢᠵᠤ ᠪᠤᠴᠠᠯᠭ᠋ᠠᠭᠰᠠᠨ ᠢᠲᠡᠰᠢᠨ ᠳᠤᠰᠤᠨ᠎ᠤ ᠳᠤᠳᠤᠷᠠᠬᠢ ᠠᠯᠳᠧᠭᠢᠳ᠋ ᠪᠤᠲᠠᠰ᠎ᠤᠨ ᠳᠤᠭ᠎ᠠ ᠬᠡᠮᠵᠢᠶ᠎ᠠ᠎ᠪᠠᠷ ᠳᠤᠰᠤᠨ᠎ᠤ ᠰᠠᠶ᠋ᠢᠨ ᠮᠠᠭᠤ ᠵᠢ ᠦᠵᠡᠬᠦ ᠴᠤᠷ᠎ᠤᠨ ᠭᠠᠭᠴᠠ ᠡᠯᠧᠮᠧᠨ᠋ᠲ ᠪᠤᠯᠭ᠋ᠠᠭᠰᠠᠨ᠎ᠨᠢ ᠨᠢᠮᠪᠠᠢ ᠪᠢᠰᠢ ᠪᠠᠶ᠋ᠢᠨ᠎ᠠ᠃ ᠡᠬᠦᠨ᠎ᠤ ᠵᠡᠷᠭᠡ᠎ᠳᠤ ᠢᠲᠡᠰᠢᠨ ᠳᠤᠰᠤᠨ᠎ᠤ ᠰᠢᠮ᠎ᠡ ᠲᠡᠵᠢᠭᠡᠯ᠎ᠲᠠᠢ ᠪᠠᠶ᠋ᠢᠬᠤ ᠡᠰᠡᠬᠦ᠎ᠨᠢ ᠬᠤᠭᠤᠯᠠ ᠵᠠᠭᠤᠰᠢ ᠬᠢᠬᠦ ᠠᠷᠭ᠎ᠠ ᠮᠠᠶᠢᠭ᠂ ᠬᠠᠯᠠᠭᠤᠨ᠎ᠤ ᠬᠡᠮᠵᠢᠶ᠎ᠠ ᠪᠤᠯᠤᠨ ᠴᠠᠭ ᠵᠡᠷᠭᠡ ᠤᠯᠠᠨ ᠳᠠᠯ᠎ᠠ ᠵᠢᠨ ᠬᠦᠴᠦᠨ ᠵᠦᠢ᠍ᠯ᠎ᠳᠤ ᠨᠦᠯᠦᠭᠡᠯᠡᠭᠲᠡᠬᠦ ᠶᠤᠮ᠃ ᠳᠡᠶ᠋ᠢᠮᠦ᠎ᠠᠴᠠ ᠶᠠᠮᠠᠷᠪᠠ ᠢᠲᠡᠭᠡᠨ᠎ᠤ ᠳᠤᠰᠦ ᠵᠢ ᠦᠨᠳᠦᠷ ᠬᠠᠯᠠᠭᠤᠨ᠎ᠤ ᠨᠦᠬᠦᠴᠠᠯ᠎ᠳᠤ ᠳᠠᠬᠢᠨ ᠲᠠᠪᠲᠠᠨ ᠬᠡᠷᠡᠭᠯᠡᠬᠦ ᠵᠢ ᠰᠠᠨᠠᠭ᠋ᠠᠴᠢᠯᠠᠬᠤ ᠦᠭᠡᠢ᠃ ᠬᠠᠭ᠋ᠠᠷᠢᠵᠤ ᠪᠤᠴᠠᠯᠭ᠋ᠠᠬᠤ᠎ᠳᠤ ᠬᠡᠷᠡᠭᠯᠡᠭᠰᠡᠨ ᠲᠤᠰᠤᠨ᠎ᠳᠤ ᠠᠯᠳᠧᠭᠢᠳ᠋ ᠵᠡᠷᠭᠡ ᠬᠢᠮᠢ ᠵᠢᠨ ᠪᠤᠲᠠᠰ ᠡᠬᠦᠰᠴᠦ᠂ ᠳᠡᠬᠦᠨ᠎ᠢ ᠤᠷᠲᠤ ᠬᠤᠭᠤᠴᠠᠭ᠎ᠠ᠎ᠪᠠᠷ ᠢᠲᠡᠪᠡᠯ ᠬᠦᠮᠦᠨ᠎ᠤ ᠪᠡᠶ᠎ᠡ᠎ᠳᠤ ᠵᠤᠬᠢᠬᠤ ᠬᠦᠨᠦᠭᠡᠯ ᠤᠴᠠᠷᠠᠬᠤ ᠪᠤᠯᠤᠨ᠎ᠠ᠃ ᠳᠤᠰᠬᠠᠢ ᠮᠡᠷᠭᠡᠵᠢᠯᠲᠠᠨ᠎ᠤ ᠦᠵᠡᠬᠦ᠎ᠪᠠᠷ᠂ ᠤᠷᠭᠤᠮᠠᠯ᠎ᠤᠨ ᠳᠤᠰᠦ ᠵᠢ ᠰᠢᠨᠵᠢᠯᠡᠬᠦ ᠤᠬᠠᠭ᠋ᠠᠨᠴᠢ᠎ᠪᠠᠷ ᠵᠦᠢ ᠵᠤᠬᠢᠰᠳᠠᠢ ᠢᠲᠡᠬᠦ᠎ᠨᠢ ᠡᠩ᠎ᠤᠨ ᠪᠠᠶ᠋ᠢᠲᠠᠯ᠎ᠳᠤ ᠬᠦᠮᠦᠨ᠎ᠤ ᠪᠡᠶ᠎ᠡ᠎ᠳᠤ ᠮᠠᠭᠤ ᠨᠦᠯᠦᠭᠡ ᠪᠤᠯᠬᠤ ᠦᠭᠡᠢ᠃ ᠡᠬᠦᠨ᠎ᠠᠴᠠ ᠭᠠᠲᠠᠨ᠎ᠠ᠂ ᠳᠤᠮᠳᠠᠳᠦ ᠤᠯᠤᠰ᠎ᠤᠨ ᠬᠦᠮᠦᠨ᠎ᠤ ᠢᠲᠡᠭᠡᠨ ᠤᠮᠲᠠᠭ᠋ᠠᠨ᠎ᠤ ᠲᠠᠳᠬᠠᠯ᠂ ᠬᠤᠭᠤᠯᠠ ᠵᠠᠭᠤᠰᠢ ᠪᠠᠵᠠᠭ᠋ᠠᠬᠤ ᠠᠷᠭ᠎ᠠ ᠮᠠᠶᠢᠭ᠂ ᠬᠡᠷᠡᠭᠯᠡᠬᠦ ᠳᠤᠰᠦ ᠵᠡᠷᠭᠡ᠎ᠨᠢ ᠪᠤᠰᠤᠳ ᠤᠯᠤᠰ᠎ᠲᠠᠢ ᠵᠤᠬᠢᠬᠤ ᠢᠯᠭ᠋ᠠᠭ᠎ᠠ᠎ᠲᠠᠢ᠂ ᠶᠡᠷᠦᠩᠬᠡᠢ᠎ᠳᠤᠨᠢ ᠠᠪᠴᠦ ᠦᠵᠡᠪᠡᠯ᠂ ᠬᠢᠲᠠᠳ ᠮᠠᠶᠢᠭ᠎ᠤᠨ ᠬᠤᠭᠤᠯᠠ ᠵᠠᠭᠤᠰᠢ ᠪᠤᠯ ᠡᠸᠦ᠋ᠷᠤᠫᠠ ᠬᠤᠭᠤᠯᠠ ᠵᠠᠭᠤᠰᠢ᠎ᠠᠴᠠ ᠳᠦᠷᠦᠯ ᠵᠦᠢ᠍ᠯ ᠵᠶ᠋ᠠᠷ ᠤᠯᠠᠨ ᠪᠠᠶ᠋ᠢᠲᠠᠭ᠂ ᠡᠸᠦ᠋ᠷᠤᠫᠠ ᠠᠮᠧᠷᠢᠺᠠ ᠵᠢᠨ ᠣᠯᠣᠰ ᠪᠤᠯ ᠬᠠᠭ᠋ᠠᠷᠢᠬᠤ᠂ ᠳᠤᠰᠤᠨ᠎ᠳᠤ ᠪᠤᠴᠠᠯᠭ᠋ᠠᠬᠤ᠎ᠪᠠᠷ ᠭᠤᠤᠯ ᠪᠤᠯᠭ᠋ᠠᠲᠠᠭ᠂ ᠬᠢᠲᠠᠳ ᠬᠤᠭᠤᠯᠠ ᠪᠤᠯ ᠬᠠᠭᠤᠷᠬᠤ᠂ ᠵᠢᠩᠨᠡᠬᠦ᠂ ᠴᠢᠨᠠᠬᠤ ᠵᠡᠷᠭᠡ ᠤᠯᠠᠨ ᠵᠦᠢ᠍ᠯ ᠪᠠᠶ᠋ᠢᠲᠠᠭ᠂ ᠵᠢᠱ᠌ᠢᠶᠠᠯᠠᠪᠠᠯ ᠳᠦᠷᠭᠡᠨ ᠬᠠᠭᠤᠷᠬᠤ᠂ ᠬᠠᠷᠠᠰᠦ᠎ᠪᠠᠷ ᠵᠢᠩᠨᠡᠬᠦ ᠵᠡᠷᠭᠡ ᠠᠷᠭ᠎ᠠ᠎ᠪᠠᠷ ᠬᠤᠭᠤᠯᠠ ᠵᠠᠭᠤᠰᠢ ᠪᠠᠵᠠᠭ᠋ᠠᠪᠠᠯ ᠳᠤᠰᠤᠨ᠎ᠤ ᠬᠠᠯᠠᠭᠤᠨ᠎ᠤ ᠬᠡᠮᠵᠢᠶ᠎ᠠ ᠶᠡᠷᠦ ᠵᠢᠨ ᠪᠠᠶ᠋ᠢᠲᠠᠯ᠎ᠳᠤ ᠳᠡᠶ᠋ᠢᠮᠦ ᠦᠨᠳᠦᠷ ᠬᠡᠮᠵᠢᠶᠠᠨ᠎ᠳᠤ ᠬᠦᠷᠬᠦ ᠦᠭᠡᠢ ᠶᠤᠮ᠃ ᠪᠡᠯᠡᠳᠬᠡᠭᠰᠡᠨ᠎ᠨᠢ᠄ ᠡᠷᠳᠡᠨᠢᠬᠦᠦ ᠨᠠᠶ᠋ᠢᠷᠠᠭᠤᠯᠤᠭᠰᠠᠨ᠎ᠨᠢ᠄ ᠨᠠᠮᠤᠷ ᠬᠢᠨᠠᠭᠰᠠᠨ᠎ᠨᠢ᠄ ᠤᠷᠢᠬᠠᠨ

ᠢᠷᠡᠯᠲᠡ᠄ ᠠᠯᠠᠱ᠌ᠠ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠡᠯᠡᠰᠦᠨ ᠰᠢᠭᠤᠷᠭ᠎ᠠ ᠴᠤᠬᠤᠮ ᠶᠠᠮᠠᠷ ᠰᠢᠯᠳᠠᠭ᠋ᠠᠨ᠎ᠠᠴᠠ ᠪᠤᠢ ᠪᠤᠯᠤᠠᠠᠰᠠᠨ ᠪᠤᠢ?
ᠡᠯᠡᠰᠦᠷᠭᠡᠭᠵᠢᠭᠰᠡᠨ ᠭᠠᠵᠠᠷ ᠨᠤᠳᠤᠭ᠎ᠢ ᠶᠠᠭ᠋ᠠᠭᠢᠨ ᠪᠦᠳᠦᠮᠵᠢᠳᠡᠢ᠎ᠪᠠᠷ ᠵᠠᠰᠠᠬᠤ ᠪᠤᠢ?
ᠶᠠᠭᠤ ᠵᠢ ᠤᠷᠭᠤᠮᠠᠯ᠎ᠤᠨ ᠬᠦᠨᠦᠭᠡᠯ᠎ᠢ ᠡᠰᠡᠷᠭᠦᠴᠡᠬᠦ ᠴᠢᠨᠠᠷ ᠭᠡᠳᠡᠭ ᠪᠣᠢ
ᠢᠳᠡᠰᠢᠨ ᠨᠣᠭᠤᠭ᠋ᠠᠨ᠎ᠤ ᠲᠥᠷᠦᠯ᠎ᠤᠨ ᠨᠡᠷ᠎ᠡ
ᠲᠠᠷᠢᠮᠠᠯ᠎ᠤᠨ ᠪᠠᠶ᠋ᠢᠷᠢᠯᠠᠯ᠎ᠢ ᠵᠣᠬᠢᠰᠲᠠᠢ ᠲᠤᠬᠢᠷᠠᠭᠤᠯᠬᠤ᠂ ᠡᠭᠡᠯᠵᠢᠯᠡᠨ ᠲᠠᠷᠢᠬᠤ ᠪᠠ ᠠᠯᠠᠭᠯᠠᠨ ᠲᠠᠷᠢᠬᠤ᠎ᠪᠠᠷ ᠳᠠᠮᠵᠢᠵᠦ ᠡᠪᠡᠳᠴᠢᠨ ᠬᠤᠷᠤᠬᠠᠢ ᠵᠢᠨ ᠬᠦᠨᠦᠭᠡᠯ᠎ᠢ ᠬᠡᠷᠬᠢᠨ ᠬᠢᠵᠠᠭ᠋ᠠᠷᠯᠠᠬᠤ ᠪᠤᠢ
 
             蒙ICP备05000248号