ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠨᠤᠳᠤᠭ ᠪᠡᠯᠴᠢᠭᠡᠷ ᠶᠠᠭ᠋ᠠᠭᠢᠬᠤ᠎ᠳᠠᠭᠠᠨ ᠲᠠᠴᠢᠷᠳᠠᠵᠤ ᠪᠠᠶ᠋ᠢᠬᠤ ᠪᠤᠢ?
ᠨᠡᠶ᠋ᠢᠲᠡᠯᠡᠭᠰᠡᠨ ᠴᠠᠭ᠄ 2021-03-25

      ᠨᠤᠳᠤᠭ ᠪᠠᠯᠴᠢᠭᠡᠷ᠎ᠢ ᠲᠠᠴᠢᠷᠳᠠᠭᠤᠯᠵᠤ ᠪᠠᠶ᠋ᠢᠬᠤ ᠵᠢᠨ ᠭᠤᠤᠯ ᠰᠢᠯᠳᠠᠭ᠋ᠠᠨ ᠭᠡᠪᠡᠯ ᠭᠤᠤᠯ᠎ᠨᠢ ᠪᠠᠶ᠋ᠢᠭ᠋ᠠᠯᠢ ᠵᠢᠨ ᠡᠯᠧᠮᠧᠨ᠋ᠲ ᠪᠠ ᠭᠦᠮᠦᠨ᠎ᠤ ᠤᠷᠰᠢᠭ ᠪᠤᠯᠤᠨ᠎ᠠ᠃

     (1) ᠪᠠᠶ᠋ᠢᠭ᠋ᠠᠯᠢ ᠵᠢᠨ ᠡᠯᠧᠮᠧᠨ᠋ᠲ ᠭᠡᠳᠡᠭ ᠪᠤᠯ ᠭᠤᠤᠯ᠎ᠨᠢ ᠰᠠᠯᠭᠢ᠂ ᠤᠰᠤᠨ᠎ᠤ ᠢᠳᠡᠭᠳᠡᠯ᠂ ᠠᠭᠤᠷ ᠠᠮᠢᠰᠬᠤᠯ᠎ᠤᠨ ᠭᠠᠩ ᠬᠠᠭᠤᠷᠠᠢ᠂ ᠨᠤᠳᠤᠭ ᠪᠡᠯᠴᠢᠭᠡᠷ᠎ᠤᠨ ᠬᠤᠯᠤᠭ᠋ᠠᠨ᠎ᠠ ᠵᠢᠨ ᠭᠦᠨᠦᠭᠡᠯ ᠵᠢᠴᠢ ᠪᠤᠰᠤᠳ ᠹᠢᠽᠢᠺ ᠭᠢᠮᠢ ᠵᠢᠨ ᠦᠢ᠍ᠯᠡᠳᠦᠯ ᠵᠡᠷᠭᠡ ᠵᠢ ᠵᠢᠭ᠋ᠠᠵᠤ ᠪᠠᠶ᠋ᠢᠨ᠎ᠠ᠃

     (2) ᠭᠦᠮᠦᠨ᠎ᠤ ᠤᠷᠰᠢᠭ᠎ᠤᠨ ᠡᠯᠧᠮᠧᠨ᠋ᠲ ᠭᠡᠳᠡᠭ ᠪᠤᠯ ᠭᠦᠮᠦᠰ᠎ᠤᠨ ᠵᠦᠢ ᠵᠤᠭᠢᠰ ᠦᠭᠡᠢ ᠠᠵᠢᠯᠯᠠᠭ᠎ᠠ ᠵᠢ ᠵᠢᠭ᠋ᠠᠵᠤ ᠪᠠᠶ᠋ᠢᠨ᠎ᠠ᠃ ᠡᠨᠡ᠎ᠨᠢ ᠲᠤᠯᠤᠭ᠋ᠠᠨ ᠲᠠᠯ᠎ᠠ᠎ᠪᠠᠷ ᠢᠯᠡᠷᠡᠵᠤ ᠪᠠᠶ᠋ᠢᠨ᠎ᠠ᠃ ᠨᠢᠭᠡ᠎ᠳᠤ᠂ ᠭᠡᠳᠦᠷᠭᠡᠢ ᠠᠳᠠᠷ ᠬᠠᠭ᠋ᠠᠯᠪᠤᠷᠢᠯᠠᠵᠤ ᠪᠠᠶ᠋ᠢᠨ᠎ᠠ᠃ ᠲᠡᠤᠭᠡᠨ ᠲᠡᠭᠡᠷ᠎ᠡ ᠬᠠᠭ᠋ᠠᠯᠪᠤᠷᠢᠯᠬᠠᠰᠠᠨ ᠭᠠᠵᠠᠷ ᠰᠢᠷᠤᠢ ᠵᠢᠨ ᠶᠡᠭᠡᠨᠭᠭᠢ᠎ᠨᠢ ᠤᠰᠤᠯᠠᠯᠳᠠ ᠵᠢᠨ ᠨᠦᠭᠦᠴᠡᠯ ᠦᠭᠡᠢ᠂ ᠦᠨᠳᠤᠰᠤᠨ᠎ᠳᠡᠭᠡᠨ ᠬᠤᠷ᠎ᠡ ᠪᠤᠷᠤᠭ᠋ᠠᠨ᠎ᠳᠤ ᠲᠦᠰᠢᠭᠯᠡᠵᠤ ᠪᠠᠶ᠋ᠢᠠᠠᠰᠠᠨ᠃ ᠭᠡᠳᠡᠯ᠎ᠠ ᠲᠠᠷᠢᠶᠠᠯᠠᠩ᠎ᠤᠨ ᠦᠢ᠍ᠯᠡᠳᠪᠤᠷᠢᠯᠡᠯ᠎ᠢ ᠬᠠᠮᠤᠭ᠎ᠤᠨ ᠶᠡᠭᠡ ᠭᠢᠵᠠᠭ᠋ᠠᠷᠯᠠᠳᠠᠭ ᠡᠯᠧᠮᠧᠨ᠋ᠲ᠎ᠨᠢ ᠶᠠᠭ ᠬᠤᠷ᠎ᠠ ᠪᠤᠷᠤᠭ᠋ᠠᠨ ᠪᠠᠭ᠎ᠠ᠂ ᠠᠭᠤᠷᠰᠢᠯᠳᠠ᠎ᠨᠢ ᠶᠡᠭᠡ᠎ᠠᠴᠠ ᠪᠤᠯᠤᠠᠠᠰᠠᠨ ᠭᠦᠨᠳᠤ ᠨᠤᠴᠢᠳᠡᠢ ᠭᠠᠨᠭ᠌ᠳᠠᠯ ᠪᠤᠯᠤᠨ᠎ᠠ᠃ ᠡᠨᠡ ᠬᠦ᠌ ᠲᠤᠪᠤᠶ᠋ᠢᠮ᠎ᠠ ᠵᠦᠷᠢᠴᠡᠯ᠎ᠨᠢ ᠲᠠᠷᠤᠢ ᠭᠡᠮᠵᠢᠶ᠎ᠠ ᠭᠢᠵᠠᠭ᠋ᠠᠷ ᠦᠭᠡᠢ ᠠᠳᠠᠷ ᠬᠠᠭ᠋ᠠᠯᠪᠤᠷᠢᠯᠬᠠᠰᠠᠨ᠎ᠠᠴᠠ ᠪᠤᠯᠤᠭ᠋ᠠᠳ ᠶᠡᠭᠡ ᠭᠡᠮᠵᠢᠶᠠᠨ᠎ᠤ ᠭᠠᠵᠠᠷ ᠨᠤᠳᠤᠭ᠎ᠢ ᠲᠠᠴᠢᠷᠳᠠᠭᠤᠯᠤᠠᠠᠰᠠᠨ᠎ᠤ ᠦᠨᠳᠤᠰᠤᠨ ᠰᠢᠯᠳᠠᠭ᠋ᠠᠨ ᠪᠤᠯᠤᠨ᠎ᠠ᠃ ᠬᠠᠮᠢᠶ᠎ᠠ ᠪᠦᠭᠦᠢ ᠮᠠᠲ᠋ᠧᠷᠢᠶᠠᠯ᠎ᠳᠤ ᠢᠯᠡᠳᠭᠡᠭᠰᠡᠨ᠎ᠢ ᠦᠨᠳᠦᠰᠦᠯᠡᠪᠡᠯ 1994~1999 ᠤᠨ ᠪᠤᠯᠳᠠᠯᠠᠭᠢ ᠲᠠᠪᠤᠨ ᠵᠢᠯ᠎ᠳᠤ ᠮᠠᠨ᠎ᠤ ᠤᠯᠤᠰ ᠲᠤᠠᠠᠳᠠᠪᠤᠷᠢᠵᠢᠭᠤᠯᠤᠠᠠᠰᠠᠨ ᠡᠯᠡᠰᠤ ᠵᠢᠴᠢ ᠨᠤᠳᠤᠭ ᠪᠡᠯᠴᠢᠭᠡᠷ᠎ᠢ 1.7 ᠲᠦᠮᠡᠨ km2 ᠬᠠᠭ᠋ᠠᠯᠪᠤᠷᠢᠯᠠᠵᠤ᠂ ᠵᠢᠯ᠎ᠳᠤ ᠲᠤᠮᠳᠠᠴᠢ᠎ᠪᠠᠷ 3400km2 ᠬᠠᠭ᠋ᠠᠯᠪᠤᠷᠢᠯᠠᠵᠤ᠂ ᠡᠭᠦᠨ᠎ᠳᠤ ᠨᠡᠭᠦᠳᠡᠯ ᠡᠯᠡᠰᠤ ᠪᠠ ᠬᠠᠭ᠋ᠠᠰ ᠲᠤᠠᠠᠳᠠᠪᠤᠷᠢᠵᠢᠠᠠᠰᠠᠨ ᠡᠯᠡᠰᠤ ᠪᠤᠯᠤᠠᠠᠰᠠᠨ ᠲᠠᠯᠠᠪᠠᠢ᠎ᠨᠢ ᠬᠠᠭ᠋ᠠᠰ ᠰᠢᠬᠠᠮ᠎ᠢ᠎ᠨᠢ ᠡᠵᠡᠯᠡᠭᠡᠳ᠂ ᠭᠡᠮᠵᠢᠶ᠎ᠠ ᠭᠢᠵᠠᠭ᠋ᠠᠷ ᠦᠭᠡᠢ ᠠᠳᠠᠷ ᠬᠠᠭ᠋ᠠᠯᠪᠤᠷᠢᠯᠬᠠᠰᠠᠨ ᠶᠠᠪᠤᠳᠠᠯ᠎ᠨᠢ ᠨᠤᠳᠤᠭ ᠪᠡᠯᠴᠢᠭᠡᠷ᠎ᠤᠨ ᠠᠮᠢ ᠠᠬᠤᠢ ᠵᠢᠨ ᠰᠢᠰᠲ᠋ᠧᠮ᠎ᠳᠤ ᠤᠷᠢᠳᠤ ᠡᠮᠦᠨ᠎ᠠ ᠭᠠᠷᠤᠭ᠋ᠠᠳᠤᠢ ᠶᠡᠭᠡ ᠭᠡᠮᠵᠢᠶᠠᠨ᠎ᠤ ᠡᠪᠳᠡᠯᠡᠭᠡ ᠤᠴᠠᠷᠠᠭᠤᠯᠤᠠᠠᠰᠠᠨ ᠪᠠᠶ᠋ᠢᠨ᠎ᠠ᠃ ᠠᠳᠠᠷ ᠬᠠᠭ᠋ᠠᠯᠪᠤᠷᠢᠯᠬᠠᠰᠠᠨ᠎ᠨᠢ ᠶᠡᠭᠡ ᠭᠡᠮᠵᠢᠶᠠᠨ᠎ᠤ ᠡᠪᠡᠰᠤ ᠪᠡᠯᠴᠢᠭᠡᠷ᠎ᠢ ᠰᠦᠢ᠍ᠳᠭᠡᠵᠤ᠂ ᠪᠠᠶ᠋ᠢᠭ᠋ᠠᠯᠢ ᠵᠢᠨ ᠤᠷᠭᠤᠮᠠᠯ᠎ᠤᠨ ᠪᠦᠷᠭᠦᠴᠡ ᠵᠢ ᠡᠪᠳᠡᠵᠤ᠂ ᠲᠡᠭᠦᠨ᠎ᠤ ᠰᠢᠭᠤᠳ ᠦᠷ᠎ᠡ ᠳ᠋ᠦᠩ᠎ᠨᠢ ᠭᠠᠵᠠᠷ᠎ᠤᠨ ᠭᠠᠳᠠᠷᠭᠤ ᠵᠢᠨ ᠲᠤᠠᠠᠳᠠᠭᠤᠨ ᠴᠢᠨᠠᠷ᠎ᠢ ᠪᠠᠭᠤᠷᠠᠭᠤᠯᠵᠤ᠂ ᠭᠦᠷᠦᠰᠤ ᠰᠢᠷᠤᠢ ᠵᠢᠨ ᠤᠰᠤ ᠰᠢᠮᠡᠳᠭᠡᠭᠦ ᠴᠢᠳᠠᠪᠤᠷᠢ ᠵᠢ᠎ᠨᠢ ᠠᠯᠳᠠᠭᠤᠯᠵᠤ᠂ ᠠᠭᠤᠷᠰᠢᠯᠳᠡ ᠵᠢ᠎ᠨᠢ ᠲᠦᠷᠭᠡᠳᠭᠡᠭᠰᠡᠨ ᠵᠶ᠋ᠠᠷ ᠭᠠᠩ ᠬᠠᠭᠰᠠᠷᠠᠭ᠋ᠠᠨ᠎ᠢ ᠤᠯᠠᠮ ᠰᠢᠷᠦᠭᠦᠰᠭᠡᠭᠰᠡᠨ ᠵᠶ᠋ᠠᠷ ᠪᠠᠷᠠᠬᠤ ᠦᠭᠡᠢ ᠪᠠᠰᠠ ᠰᠠᠯᠭᠢᠨ᠎ᠤ ᠢᠳᠡᠭᠳᠡᠯ᠂ ᠤᠰᠤᠨ᠎ᠤ ᠢᠳᠡᠭᠳᠡᠯ ᠪᠡ ᠬᠤᠵᠢᠷᠰᠢᠯ ᠵᠡᠷᠭᠡ ᠭᠦᠷᠤᠰᠤ ᠰᠢᠷᠤᠢ ᠵᠢᠨ ᠮᠠᠭᠤᠵᠢᠷᠠᠯ᠎ᠤᠨ ᠶᠠᠪᠤᠴᠠ ᠵᠢ ᠤᠯᠠᠮ ᠲᠦᠷᠭᠡᠳᠭᠡᠵᠡᠢ᠃ ᠡᠭᠦᠨ᠎ᠠᠴᠠ ᠭᠠᠳᠠᠨ᠎ᠠ ᠬᠠᠭ᠋ᠠᠯᠪᠤᠷᠢᠯᠬᠠᠰᠠᠨ ᠭᠠᠵᠠᠷ᠎ᠲᠠᠭᠠᠨ ᠪᠦᠳᠦᠮᠵᠢᠳᠡᠢ ᠤᠷᠤᠭᠤᠯᠤᠯᠳᠠ ᠭᠢᠭᠰᠡᠨ ᠵᠶ᠋ᠠᠷ ᠲᠤᠳᠠᠮᠠᠭ ᠪᠠ ᠰᠢᠨᠵᠢᠯᠡᠭᠦ ᠤᠬᠠᠭ᠋ᠠᠠᠴᠢ᠎ᠪᠠᠷ ᠬᠠᠮᠢᠶᠠᠷᠤᠠᠠᠰᠠᠨ ᠦᠭᠡᠢ᠂ ᠲᠠᠷᠢᠶᠠᠨ ᠭᠠᠵᠠᠷ᠎ᠤᠨ ᠦᠨᠳᠤᠰᠤᠨ ᠪᠦᠳᠦᠭᠡᠨ ᠪᠠᠶ᠋ᠢᠭᠤᠯᠤᠯᠳᠠ ᠭᠢᠭᠰᠡᠨ ᠦᠭᠡᠢ ᠮᠦᠷᠳᠡᠭᠡᠨ ᠪᠠᠰᠠ ᠪᠤᠰᠤᠳ ᠲᠠᠯ᠎ᠠ ᠵᠢᠨ ᠤᠷᠤᠭᠤᠯᠤᠯᠳᠠ ᠪᠠ ᠪᠤᠷᠳᠤᠭᠤᠷ ᠤᠷᠤᠭᠤᠯᠤᠨ ᠬᠠᠮᠠᠭ᠋ᠠᠯᠬᠠᠰᠠᠨ ᠦᠭᠡᠢ ᠪᠠᠶ᠋ᠢᠳᠠᠭ᠃ ᠰᠢᠨ᠎ᠠ᠎ᠪᠠᠷ ᠬᠠᠭ᠋ᠠᠯᠪᠤᠷᠢᠯᠬᠠᠰᠠᠨ ᠲᠠᠷᠢᠶᠠᠨ᠎ᠳᠠᠭᠠᠨ ᠬᠤᠶᠠᠷ ᠭᠤᠷᠪᠡᠨ ᠵᠢᠯ ᠯᠡ ᠲᠠᠷᠢᠶ᠎ᠠ ᠲᠠᠷᠢᠭ᠋ᠠᠳ᠂ ᠲᠠᠭᠢᠵᠤ ᠲᠠᠷᠢᠬᠤ᠎ᠪᠠᠨ ᠪᠤᠯᠢᠵᠤ ᠤᠷᠭᠢᠭ᠋ᠠᠳ᠂ ᠡᠷᠭᠢᠭᠡᠳ ᠰᠢᠨ᠎ᠠ ᠭᠠᠵᠠᠷ ᠬᠠᠭ᠋ᠠᠯᠪᠤᠷᠢᠯᠠᠳᠠᠭ᠃ ᠡᠭᠦᠨ᠎ᠠᠴᠠ ᠪᠤᠯᠤᠭ᠋ᠠᠳ ᠤᠷᠭᠢᠵᠤ ᠬᠠᠶᠬᠠᠰᠠᠨ ᠭᠠᠵᠠᠷ᠎ᠨᠢ ᠮᠠᠰᠢ ᠲᠦᠷᠭᠡᠨ ᠵᠶ᠋ᠠᠷ ᠡᠯᠡᠰᠤᠨ ᠲᠠᠯᠠᠢ ᠪᠤᠯᠴᠢᠬᠠᠳᠠᠭ ᠪᠠᠶ᠋ᠢᠨ᠎ᠠ᠃ ᠡᠨᠡ ᠮᠡᠳᠤ ᠲᠠᠭᠢᠨ ᠲᠠᠪᠳ᠋ᠬᠠᠰᠠᠭ᠋ᠠᠷ ᠪᠠᠶ᠋ᠢᠭ᠋ᠠᠳ ᠠᠳᠠᠷ ᠬᠠᠭ᠋ᠠᠯᠪᠤᠷᠢᠯᠠᠬᠤ — ᠡᠯᠡᠰᠦᠷᠭᠡᠭᠵᠢᠭᠦ — ᠬᠠᠶᠠᠵᠤ ᠤᠷᠭᠢᠬᠤ — ᠡᠷᠭᠢᠭᠡᠳ ᠬᠠᠭ᠋ᠠᠯᠪᠤᠷᠢᠯᠠᠬᠤ ᠮᠠᠭᠤ ᠤᠷᠴᠢᠯ᠎ᠲᠠᠢ ᠪᠤᠯᠤᠠᠠᠰᠠᠨ ᠪᠠᠶ᠋ᠢᠨ᠎ᠠ᠃ ᠬᠤᠶᠠᠷ᠎ᠲᠤ᠂ ᠪᠡᠯᠴᠢᠭᠡᠷ᠎ᠤᠨ ᠲᠠᠭ᠋ᠠᠭ᠋ᠠᠴᠠ᠎ᠠᠴᠠ ᠭᠡᠳᠦᠷᠡᠳᠡᠯ᠎ᠡ ᠮᠠᠯ ᠮᠠᠯᠵᠢᠵᠤ ᠪᠠᠶ᠋ᠢᠨ᠎ᠠ᠃ ᠡᠨᠡ ᠪᠤᠯ ᠨᠤᠳᠤᠭ ᠪᠡᠯᠴᠢᠭᠡᠷ᠎ᠤᠨ ᠡᠯᠡᠰᠦᠷᠭᠡᠭᠵᠢᠭᠦ᠂ ᠮᠠᠭᠤᠵᠢᠷᠠᠬᠤ ᠵᠢᠨ ᠪᠠᠰᠠ ᠨᠢᠭᠡᠨ ᠭᠤᠤᠯ ᠰᠢᠯᠳᠠᠭ᠋ᠠᠨ ᠪᠤᠯᠤᠨ᠎ᠠ᠃ ᠨᠤᠳᠤᠭ ᠪᠡᠯᠴᠢᠭᠡᠷ᠎ᠤᠨ ᠮᠠᠯ ᠰᠦᠷᠦᠭ ᠪᠠᠭᠳᠠᠭ᠋ᠠᠬᠤ ᠴᠢᠳᠠᠯ᠎ᠨᠢ ᠵᠤᠭᠢᠬᠤ ᠭᠢᠵᠠᠭ᠋ᠠᠷ᠎ᠲᠠᠢ ᠶᠤᠮ᠃ ᠡᠨᠡ ᠬᠦ᠌ ᠭᠢᠵᠠᠭ᠋ᠠᠷᠯᠠᠯ᠎ᠠᠴᠠ ᠲᠠᠪᠠᠭᠰᠠᠭ᠋ᠠᠷ ᠲᠠᠷᠤᠢ ᠨᠤᠳᠤᠭ ᠪᠡᠯᠴᠢᠭᠡᠷ ᠭᠦᠨᠳᠤ ᠨᠤᠴᠢᠳᠠᠢ ᠡᠪᠳᠡᠭᠳᠡᠭᠦ ᠪᠤᠯᠤᠨ᠎ᠠ᠃ ᠮᠠᠨ᠎ᠤ ᠤᠯᠤᠰ᠎ᠤᠨ ᠮᠠᠰᠢ ᠤᠯᠠᠨ ᠮᠠᠯᠵᠢᠬᠤ ᠤᠷᠤᠨ ᠪᠡ ᠬᠠᠭ᠋ᠠᠰ ᠮᠠᠯᠵᠢᠬᠤ ᠤᠷᠤᠨ ᠦᠡᠭᠭᠡᠷᠡᠭᠰᠡᠨ᠎ᠳᠤ ᠨᠡᠯᠢᠶᠡᠳ ᠤᠷᠳᠤ ᠬᠤᠭᠤᠴᠠᠭ᠋ᠠᠨ᠎ᠳᠤ ᠮᠠᠯ ᠰᠦᠷᠦᠭ᠎ᠤᠨ ᠴᠡᠪᠡᠷ ᠦᠰᠦᠯᠳᠡ ᠪᠡ ᠲᠤᠭ᠎ᠠ᠎ᠪᠠᠷ ᠮᠠᠯ ᠠᠵᠤ ᠠᠬᠤᠢ ᠵᠢᠨ ᠦᠢ᠍ᠯᠡᠳᠪᠤᠷᠢᠯᠡᠯ ᠡᠵᠡᠩᠨᠡᠯᠳᠡ ᠵᠢᠨ ᠰᠠᠶ᠋ᠢᠨ ᠮᠠᠭᠤ ᠵᠢ ᠭᠡᠮᠵᠢᠭᠦ ᠭᠤᠤᠯ ᠭᠦᠢ᠍ᠴᠡᠳᠭᠡᠭᠦ ᠲᠤᠭ᠎ᠠ ᠪᠤᠯᠭ᠋ᠠᠵᠤ᠂ ᠮᠠᠯ ᠰᠦᠷᠦᠭ᠎ᠤᠨ ᠲᠤᠭ᠎ᠠ ᠵᠢᠨ ᠲᠦᠷᠭᠡᠨ ᠨᠡᠮᠡᠭᠳᠡᠯ᠎ᠢ ᠦᠷᠦᠭᠡᠰᠦᠨ ᠵᠶ᠋ᠠᠷ ᠴᠢᠬᠤᠯᠠᠴᠢᠯᠠᠵᠤ ᠪᠠᠶ᠋ᠢᠵᠠᠢ᠃ ᠭᠡᠳᠡᠯ᠎ᠠ ᠠᠳᠠᠷ ᠬᠠᠭ᠋ᠠᠯᠪᠤᠷᠢᠯᠬᠠᠰᠠᠨ᠎ᠠᠴᠠ ᠪᠤᠯᠤᠭ᠋ᠠᠳ ᠶᠡᠭᠡ ᠭᠡᠪᠴᠢᠶ᠎ᠠ᠎ᠪᠠᠷ ᠬᠠᠰᠤᠠᠠᠳ᠋ᠬᠠᠰᠠᠨ ᠨᠤᠳᠤᠭ ᠪᠡᠯᠴᠢᠭᠡᠷ᠎ᠤᠨ ᠡᠭᠢ ᠪᠠᠶᠠᠯᠢᠭ᠎ᠨᠢ ᠡᠳᠡᠭᠡᠷ ᠲᠤᠭ᠎ᠠ ᠵᠢ ᠲᠦᠷᠭᠡᠨ ᠨᠡᠮᠡᠭᠳᠡᠭᠦᠯᠭᠦ ᠪᠠᠶ᠋ᠢᠳᠠᠯ᠎ᠳᠤ ᠵᠤᠭᠢᠴᠠᠬᠤ ᠵᠢᠨ ᠠᠷᠭ᠎ᠠ ᠦᠭᠡᠢ ᠪᠤᠯᠤᠭ᠋ᠠᠳ᠂ ᠲᠤᠰ ᠤᠷᠤᠨ᠎ᠤ ᠨᠤᠳᠤᠭ ᠪᠡᠯᠴᠢᠭᠡᠷ᠎ᠨᠢ ᠲᠠᠭ᠋ᠠᠭ᠋ᠠᠴᠠ᠎ᠠᠴᠠ᠎ᠪᠠᠨ ᠰᠦᠷᠡᠭᠡᠢ ᠭᠡᠳᠦᠷᠡᠵᠡᠢ᠃ ᠤᠷᠳᠤ ᠬᠤᠭᠤᠴᠠᠭ᠎ᠠ᠎ᠪᠠᠷ ᠭᠡᠳᠦᠷᠡᠳᠡᠯ᠎ᠠ ᠮᠠᠯᠵᠢᠠᠠᠰᠠᠨ ᠪᠠᠶ᠋ᠢᠳᠠᠯ ᠲᠤᠤᠷ᠎ᠠ ᠨᠤᠳᠤᠭ ᠪᠡᠯᠴᠢᠭᠡᠷ᠎ᠤᠨ ᠤᠷᠭᠤᠮᠠᠯ᠎ᠤᠨ ᠪᠦᠷᠭᠦᠴᠡ ᠮᠠᠭᠤᠳᠠᠵᠤ᠂ ᠭᠦᠷᠤᠰᠤ ᠰᠢᠷᠤᠢ᠎ᠳᠠᠬᠢ ᠹᠢᠽᠢᠺ ᠭᠢᠮᠢ ᠵᠢᠨ ᠭᠦᠴᠤᠨ ᠲᠤᠳ᠋ᠬᠠᠳᠠᠵᠤ᠂ ᠡᠯᠡᠰᠦᠷᠭᠡᠭᠵᠢᠭᠦ᠂ ᠬᠤᠵᠢᠷᠰᠢᠬᠤ ᠵᠡᠷᠭᠡ ᠭᠠᠵᠠᠷ ᠨᠤᠳᠤᠭ᠎ᠤᠨ ᠲᠠᠴᠢᠷᠳᠡᠯ᠎ᠤᠨ ᠶᠠᠪᠤᠴᠠ ᠡᠭᠦᠰᠦᠭᠡᠳ ᠮᠠᠰᠢ ᠲᠦᠷᠭᠡᠨ ᠦᠷᠭᠡᠳᠴᠤ ᠭᠦᠭᠵᠢᠵᠡᠢ᠃


     (ᠢᠷᠡᠯᠲᠡ᠄ ᠪᠦᠷᠢᠨᠪᠠᠶᠠᠷ᠂ ᠮᠦᠩᠬᠡᠪᠠᠭ᠋ᠠᠲᠤᠷ᠂ ᠬᠤᠩ ᠮᠧᠢ ᠨᠠᠷ᠎ᠤᠨ ᠨᠠᠶ᠋ᠢᠷᠠᠭᠤᠯᠤᠭᠰᠠᠨ 《ᠮᠠᠯᠵᠢᠯ᠎ᠤᠨ ᠮᠡᠳᠡᠯᠭᠡ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)
   

ᠢᠷᠡᠯᠲᠡ᠄ 《ᠮᠠᠯᠵᠢᠯ᠎ᠤᠨ ᠮᠡᠳᠡᠯᠭᠡ ᠮᠡᠷᠭᠡᠵᠢᠯ》
          
ᠬᠠᠮᠢᠶ᠎ᠡ ᠪᠦᠬᠦᠢ ᠰᠣᠨᠢᠨ
ᠶᠠᠭ᠋ᠠᠭᠢᠬᠤ᠎ᠳᠠᠭᠠᠨ ᠲᠤᠷ᠎ᠡ᠎ᠪᠠᠷ ᠵᠶ᠋ᠠᠨ ᠮᠠᠯᠳᠠᠵᠤ ᠲᠡᠭᠦᠭᠦ᠎ᠨᠢ ᠨᠤᠳᠤᠭ ᠪᠡᠯᠴᠢᠭᠡᠷ᠎ᠢ ᠲᠠᠴᠢᠷᠳᠠᠭᠤᠯᠤᠯ᠎ᠠ ᠭᠡᠵᠤ ᠭᠡᠯᠡᠵᠤ ᠪᠠᠶ᠋ᠢᠬᠤ ᠪᠤᠢ?
ᠡᠯᠳᠡᠪ ᠡᠪᠡᠰᠦᠨ᠎ᠤ ᠭᠤᠤᠯ ᠪᠤᠯᠬᠤ ᠬᠦᠨᠦᠭᠡᠯ᠎ᠨᠢ ᠶᠠᠭᠤ ᠪᠤᠢ
ᠡᠯᠳᠡᠪ ᠡᠪᠡᠰᠦ ᠵᠢ ᠰᠡᠷᠭᠡᠶ᠋ᠢᠯᠡᠨ ᠵᠠᠰᠠᠬᠤ᠎ᠳᠤ ᠶᠠᠮᠠᠷ ᠬᠡᠳᠦᠨ ᠵᠦᠢ᠍ᠯ᠎ᠤᠨ ᠠᠷᠭ᠎ᠠ ᠪᠠᠶ᠋ᠢᠳᠠᠭ ᠪᠤᠢ
ᠡᠯᠡᠰᠦᠨ ᠴᠦᠯ᠎ᠤᠨ ᠤᠷᠭᠤᠮᠠᠯ ᠶᠠᠭ᠋ᠠᠬᠢᠭ᠋ᠠᠳ ᠭᠠᠩᠰᠠᠭ ᠪᠠᠢ᠌ᠳᠠᠭ ᠪᠤᠢ?
ᠣᠷᠭᠤᠮᠠᠯ᠎ᠤᠨ ᠳᠤᠰᠦ ᠦᠮᠡᠨ ᠡᠬᠦᠰᠭᠡᠨ᠎ᠡ ᠦᠦ?
 
             蒙ICP备05000248号