ᠰᠡᠷᠢᠬᠦᠨ ᠪᠦᠰᠡ ᠵᠢᠨ ᠬᠠᠭ᠋ᠠᠰ ᠴᠢᠭᠢᠭᠯᠢᠭ᠂ ᠬᠠᠭ᠋ᠠᠰ ᠭᠠᠩ ᠬᠠᠭᠤᠷᠠᠢ ᠪᠠ ᠭᠠᠩ ᠬᠠᠭᠤᠷᠠᠢ ᠠᠭᠤᠷ ᠠᠮᠢᠰᠬᠤᠯ᠎ᠤᠨ ᠭᠠᠵᠠᠷ ᠤᠷᠤᠨ᠎ᠨᠢ ᠠᠩᠬᠠᠨ᠎ᠤ ᠱᠠᠳᠤᠨ᠎ᠤ ᠦᠢ᠍ᠯᠡᠳᠪᠤᠷᠢᠯᠡᠭᠴᠢᠳᠤᠨ ᠬᠤᠪᠢ᠎ᠪᠠᠷ ᠤᠯᠠᠨ ᠵᠢᠯ ᠡᠪᠡᠰᠤᠨ ᠤᠷᠭᠤᠮᠠᠯ ᠭᠢᠭᠡᠳ ᠬᠠᠮᠢᠶ᠎ᠠ ᠪᠦᠭᠦᠢ ᠠᠮᠢᠳᠤ ᠪᠤᠳᠠᠰ᠎ᠤᠨ ᠰᠦᠷᠦᠭᠯᠡᠯ᠎ᠲᠠᠢ ᠨᠡᠶ᠋ᠢᠯᠡᠭᠡᠳ ᠲᠠᠯ᠎ᠠ ᠨᠤᠳᠤᠭ᠎ᠤᠨ ᠠᠮᠢ ᠠᠬᠤᠢ ᠵᠢᠨ ᠰᠢᠰᠲ᠋ᠧᠮ ᠪᠤᠯᠤᠨ ᠪᠦᠷᠢᠯᠳᠦᠵᠤ᠂ ᠨᠤᠳᠤᠭ ᠪᠡᠯᠴᠢᠭᠡᠷ᠎ᠢ ᠠᠰᠢᠠᠠᠯᠠᠬᠤ ᠪᠠ ᠭᠦᠷᠦᠰᠤ ᠰᠢᠷᠤᠢ ᠵᠢ ᠤᠷᠭᠤᠮᠠᠯ ᠵᠶ᠋ᠠᠷ ᠪᠦᠷᠭᠦᠭᠦ᠎ᠳᠤ ᠪᠤᠳᠠᠰ᠎ᠤᠨ ᠰᠠᠭᠤᠷᠢ ᠵᠢ ᠪᠦᠷᠢᠯᠳᠦᠭᠦᠯᠦᠨ ᠦᠭᠴᠤ᠂ ᠲᠠᠭᠢᠨ ᠤᠷᠭᠤᠵᠤ ᠪᠤᠯᠬᠤ ᠪᠠᠶ᠋ᠢᠭ᠋ᠠᠯᠢ ᠵᠢᠨ ᠡᠭᠢ ᠪᠠᠶᠠᠯᠢᠭ ᠪᠤᠯᠤᠠᠠᠰᠠᠨ ᠪᠠᠶ᠋ᠢᠨ᠎ᠠ᠃ ᠭᠠᠵᠠᠷ ᠰᠢᠨᠵᠢᠯᠡᠭᠡᠨ᠎ᠤ ᠲᠡᠤᠭᠡ᠂ ᠭᠠᠵᠠᠷ᠎ᠤᠨ ᠪᠠᠶ᠋ᠢᠷᠢᠰᠢᠯ᠎ᠤᠨ ᠭᠡᠰᠡᠭᠯᠡᠯ᠂ ᠭᠠᠵᠠᠷ᠎ᠤᠨ ᠭᠠᠳᠠᠷᠭᠤ ᠵᠢᠨ ᠲᠤᠨᠤᠮᠠᠯ ᠪᠤᠳᠠᠰ ᠭᠢᠭᠡᠳ ᠭᠦᠷᠤᠰᠤ ᠰᠢᠷᠤᠢ ᠵᠢᠨ ᠪᠤᠶ᠋ᠢᠵᠢᠯᠳᠡ ᠵᠢᠨ ᠠᠳᠠᠯᠢ ᠦᠭᠡᠢ᠎ᠠᠴᠠ ᠪᠤᠯᠤᠭ᠋ᠠᠳ ᠲᠠᠯ᠎ᠠ ᠨᠤᠳᠤᠭ᠎ᠢ ᠠᠮᠢ ᠠᠬᠤᠢ ᠵᠢᠨ ᠤᠯᠠᠨ ᠶᠠᠩᠵᠤᠳᠦ ᠦᠵᠡᠮᠵᠢ ᠵᠢᠨ ᠪᠠᠶ᠋ᠢᠳᠠᠯ᠎ᠲᠠᠢ ᠪᠤᠯᠭ᠋ᠠᠵᠠᠢ᠃ ᠲᠠᠯ᠎ᠠ ᠨᠤᠳᠤᠭ᠎ᠤᠨ ᠰᠤᠶᠤᠯ᠎ᠤᠨ ᠭᠦᠭᠵᠢᠯᠳᠡ᠎ᠨᠢ ᠴᠤ᠌ ᠭᠦᠮᠦᠨ ᠲᠦᠷᠦᠯᠭᠢᠳᠡᠨᠤ ᠰᠤᠶᠤᠯ᠎ᠤᠨ ᠮᠠᠰᠢ ᠤᠯᠠᠨ ᠦᠵᠡᠮᠵᠢ ᠵᠢᠨ ᠤᠨᠴᠠᠯᠢᠭ᠎ᠢ ᠨᠡᠮᠡᠷᠢᠯᠡᠭᠰᠡᠨ ᠪᠠᠶ᠋ᠢᠨ᠎ᠠ᠃ ᠵᠢᠱ᠌ᠢᠶᠡᠯᠡᠪᠡᠯ ᠦᠪᠤᠷ ᠮᠤᠩᠭᠤᠯ᠎ᠤᠨ ᠲᠠᠯ᠎ᠠ ᠨᠤᠳᠤᠭ᠎ᠲᠤ ᠵᠢᠯ ᠪᠦᠷᠢ ᠤᠰᠤ ᠪᠠᠯᠴᠢᠭᠡᠷ ᠡᠯᠪᠡᠭ ᠪᠠᠶᠠᠯᠢᠭ ᠤᠯᠠᠷᠢᠯ᠎ᠳᠤ ᠴᠦᠮ ᠨᠠᠭ᠋ᠠᠳᠤᠮ᠎ᠤᠨ ᠬᠤᠷᠠᠯ ᠭᠢᠭᠦ ᠪᠡ ᠲᠠᠯ᠎ᠠ ᠨᠤᠳᠤᠭ᠎ᠤᠨ ᠰᠤᠶᠤᠯ᠎ᠤᠨ ᠪᠠᠶᠠᠷ᠎ᠢ ᠶᠠᠪᠤᠠᠠᠳᠠᠭᠤᠯᠳᠠᠭ ᠪᠠᠶ᠋ᠢᠨ᠎ᠠ᠃ ᠡᠶ᠋ᠢᠮᠤ᠎ᠠᠴᠠ ᠦᠷᠭᠡᠨ ᠠᠭᠤᠳᠠᠮ ᠲᠠᠯ᠎ᠠ ᠨᠤᠳᠤᠭ᠎ᠨᠢ ᠤᠯᠠᠨ ᠴᠢᠳᠠᠪᠤᠷᠢ ᠪᠦᠭᠦᠢ ᠪᠠᠶ᠋ᠢᠭ᠋ᠠᠯᠢ᠂ ᠲᠤᠬᠠᠶ᠋ᠢᠯᠠᠪᠠᠯ ᠨᠡᠶ᠋ᠢᠭᠡᠮ᠎ᠤᠨ ᠨᠡᠶ᠋ᠢᠯᠡᠮᠡᠯ ᠠᠮᠢ ᠠᠬᠤᠢ ᠵᠢᠨ ᠰᠢᠰᠲ᠋ᠧᠮ ᠪᠤᠯᠵᠠᠢ᠃ ᠨᠢᠭᠡ᠎ᠳᠤ᠂ ᠲᠠᠯ᠎ᠠ ᠨᠤᠳᠤᠭ᠎ᠲᠤ ᠮᠠᠯ᠎ᠤᠨ ᠠᠰᠢᠭ ᠰᠢᠮ᠎ᠠ᠂ ᠠᠮᠢᠳᠤ ᠪᠤᠳᠠᠰ᠎ᠤᠨ ᠪᠦᠳᠦᠭᠡᠭᠳᠡᠭᠦᠨ ᠪᠠ ᠤᠷᠭ᠋ᠠᠨᠢᠭ ᠪᠤᠰᠤ ᠠᠭᠤᠷᠬᠠᠢ ᠵᠢᠨ ᠭᠠᠷᠤᠯᠳᠠ ᠵᠢ ᠨᠡᠭᠡᠭᠡᠨ ᠭᠦᠭᠵᠢᠭᠦᠯᠭᠦ ᠨᠡᠶ᠋ᠢᠭᠡᠮ᠎ᠤᠨ ᠠᠵᠤ ᠠᠬᠤᠢ ᠵᠢᠨ ᠴᠢᠳᠠᠪᠤᠷᠢ ᠵᠢ ᠬᠠᠨᠭ᠌ᠭ᠋ᠠᠨ ᠤᠯᠭᠤᠵᠤ ᠪᠠᠶ᠋ᠢᠨ᠎ᠠ᠃ ᠬᠤᠶᠠᠷ᠎ᠲᠤ᠂ ᠠᠮᠢᠳᠤ ᠪᠤᠳᠠᠰ᠎ᠤᠨ ᠤᠯᠠᠨ ᠶᠠᠩᠵᠤᠳᠤ ᠴᠢᠨᠠᠷ᠎ᠢ ᠪᠤᠶ᠋ᠢᠵᠢᠭᠤᠯᠵᠤ᠂ ᠤᠰᠤ ᠭᠦᠷᠦᠰᠤ ᠵᠢ ᠬᠠᠮᠠᠭ᠋ᠠᠯᠠᠨ᠂ ᠢᠳᠡᠭᠳᠡᠯ᠎ᠢ ᠬᠤᠷᠢᠠᠠᠯᠠᠵᠤ᠂ ᠪᠤᠭᠢᠷᠳᠦᠯᠢ ᠪᠠᠭ᠋ᠠᠰᠬᠠᠬᠤ᠂ ᠪᠤᠳᠠᠰ᠎ᠤᠨ ᠤᠷᠤᠰᠢᠯ᠎ᠤᠨ ᠤᠷᠴᠢᠨ ᠠᠬᠤᠢ ᠵᠢᠨ ᠨᠠᠶ᠋ᠢᠳᠡ ᠵᠢᠨ ᠠᠰᠢᠠᠠᠳᠤ ᠦᠨ᠎ᠠ ᠴᠠᠨ᠎ᠠ ᠵᠢ ᠬᠠᠮᠠᠭ᠋ᠠᠯᠠᠵᠤ ᠪᠠᠶ᠋ᠢᠨ᠎ᠠ᠃ ᠭᠤᠷᠪᠡ᠎ᠳᠤ᠂ ᠪᠡᠶ᠎ᠠ ᠮᠠᠬᠠᠪᠤᠳ᠎ᠤᠨ ᠡᠷᠡᠭᠦᠯᠵᠢᠯ᠎ᠢ ᠪᠠᠳᠤᠯᠠᠵᠤ᠂ ᠵᠤᠭ᠋ᠠᠴᠠᠯ ᠠᠮᠠᠷᠠᠯᠳᠠ ᠭᠢᠵᠤ᠂ ᠪᠠᠶ᠋ᠢᠭ᠋ᠠᠯᠢ ᠭᠢᠭᠡᠳ ᠭᠦᠮᠦᠨ ᠲᠦᠷᠦᠯᠭᠢᠳᠡᠨᠤ ᠰᠤᠶᠤᠯ᠎ᠤᠨ ᠦᠵᠡᠮᠵᠢ ᠵᠢᠨ ᠭᠤᠸ᠎ᠠ ᠰᠠᠶ᠋ᠢᠬᠠᠨ᠎ᠤ ᠭᠦᠷᠳᠡᠭᠡᠯ ᠪᠡ ᠰᠢᠨᠵᠢᠯᠡᠭᠦ ᠤᠬᠠᠭ᠋ᠠᠨ ᠰᠤᠷᠭ᠋ᠠᠨ ᠭᠦᠮᠦᠵᠢᠯ ᠵᠡᠷᠭᠡ ᠦᠢ᠍ᠯᠡᠴᠢᠯᠡᠭᠡᠨ᠎ᠤ ᠴᠢᠳᠠᠪᠤᠷᠢ ᠵᠢ ᠤᠯᠭᠤᠨ ᠦᠭᠴᠤ ᠪᠠᠶ᠋ᠢᠨ᠎ᠠ᠃ ᠡᠳᠡᠭᠡᠷ ᠴᠢᠳᠠᠪᠤᠷᠢ᠎ᠨᠢ ᠬᠠᠷᠢᠯᠴᠠᠨ ᠲᠠᠮᠵᠢᠯᠴᠡᠪᠡᠯ ᠰᠠᠶᠢ ᠲᠠᠯ᠎ᠠ ᠨᠤᠳᠤᠭ᠎ᠤᠨ ᠦᠷᠭᠦᠯᠵᠢᠯᠡᠨ ᠭᠦᠭᠵᠢᠭᠦ ᠵᠢ ᠪᠡᠶᠡᠯᠡᠭᠦᠯᠵᠤ ᠴᠢᠳᠠᠨ᠎ᠠ᠃ ᠠᠮᠢ ᠠᠬᠤᠢ ᠵᠢᠨ ᠤᠬᠠᠭ᠋ᠠᠨᠳᠠᠨ ᠨᠤᠳᠤᠭ ᠪᠡᠯᠴᠢᠭᠡᠷ᠎ᠤᠨ ᠠᠰᠢᠠᠠᠯᠠᠯᠳᠠ ᠬᠠᠮᠢᠶᠠᠷᠤᠯᠳᠠ ᠵᠢᠨ ᠨᠡᠶ᠋ᠢᠭᠡᠮ᠎ᠤᠨ ᠦᠢ᠍ᠯᠡᠳᠦᠯᠭᠡ ᠪᠤᠯᠤᠨ ᠲᠠᠯ᠎ᠠ ᠨᠤᠳᠤᠭ᠎ᠤᠨ ᠦᠢ᠍ᠯᠡᠳᠪᠤᠷᠢᠯᠡᠯ᠎ᠤᠨ ᠭᠦᠴᠤᠨ᠎ᠢ ᠦᠨᠳᠦᠰᠦᠯᠡᠨ ᠲᠦᠰᠦᠭᠡᠯᠡᠨ ᠪᠤᠳᠤᠭ᠋ᠠᠳ᠂ ᠲᠠᠯ᠎ᠠ ᠨᠤᠳᠤᠭ᠎ᠤᠨ ᠬᠤᠶᠠᠳᠤᠭ᠋ᠠᠷ ᠭᠤᠷᠪᠠᠳᠤᠭ᠋ᠠᠷ ᠲᠦᠷᠦᠯ᠎ᠤᠨ ᠴᠢᠳᠠᠪᠤᠷᠢ᠎ᠨᠢ ᠨᠢᠭᠡᠳᠦᠭᠡᠷ ᠲᠦᠷᠦᠯ᠎ᠤᠨ ᠴᠢᠳᠠᠪᠤᠷᠢ ᠵᠢᠨ ᠪᠠᠳᠤᠯᠠᠭ᠎ᠠ ᠵᠢᠨ ᠨᠦᠭᠦᠴᠡᠯ ᠪᠤᠯᠬᠤ᠎ᠪᠠᠷ ᠪᠠᠷᠠᠬᠤ ᠦᠭᠡᠢ ᠪᠠᠰᠠ ᠵᠤᠭᠤᠰ ᠵᠶ᠋ᠠᠷ ᠪᠤᠳᠤᠪᠠᠯ ᠮᠦᠨ ᠴᠦ᠍ ᠨᠢᠭᠡᠳᠦᠭᠡᠷ ᠲᠦᠷᠦᠯ᠎ᠤᠨ ᠴᠢᠳᠠᠪᠤᠷᠢ ᠵᠢᠨ ᠦᠨ᠎ᠠ ᠦᠷᠳᠡᠭ᠎ᠠᠴᠠ ᠲᠠᠪᠠᠵᠠᠢ ᠭᠡᠮᠡᠨ ᠦᠵᠡᠭᠰᠡᠨ ᠪᠠᠶ᠋ᠢᠨ᠎ᠠ᠃ ᠲᠠᠯ᠎ᠠ ᠨᠤᠳᠤᠭ᠎ᠨᠢ ᠭᠡᠳᠦ᠋ᠢ᠍ᠪᠡᠷ ᠤᠯᠠᠨ ᠴᠢᠳᠠᠪᠤᠷᠢ ᠪᠦᠭᠦᠢ ᠦᠢ᠍ᠯᠡᠴᠢᠯᠡᠭᠡᠨ᠎ᠤ ᠦᠨ᠎ᠠ ᠴᠠᠨ᠎ᠠ᠎ᠲᠠᠢ ᠪᠤᠯᠪᠠᠴᠤ ᠲᠠᠭ᠋ᠠᠭ᠋ᠠᠴᠠ ᠵᠢᠨ ᠭᠦᠴᠤᠨ᠎ᠨᠢ ᠭᠢᠵᠠᠭ᠋ᠠᠷᠲᠠᠢ ᠶᠤᠮ᠃ ᠨᠢᠳᠤᠨ ᠡᠮᠦᠨᠡᠭᠢ ᠪᠠ ᠤᠬᠤᠷ ᠬᠤᠭᠤᠴᠠᠭ᠋ᠠᠨ᠎ᠤ ᠠᠰᠢᠭ ᠲᠤᠰᠠ᠎ᠠᠴᠠ ᠭᠠᠷᠳᠠᠵᠤ᠂ ᠮᠠᠯ᠎ᠤᠨ ᠲᠤᠭ᠎ᠠ ᠵᠢ ᠰᠤᠬᠤᠷ ᠪᠠᠯᠠᠢ᠎ᠪᠠᠷ ᠭᠦᠭᠡᠭᠡᠴᠡᠯᠳᠦᠭᠦ᠂ ᠪᠡᠯᠴᠢᠭᠡᠷ᠎ᠤᠨ ᠲᠠᠭ᠋ᠠᠭ᠋ᠠᠴᠠ᠎ᠠᠴᠠ ᠭᠡᠳᠦᠷᠡᠳᠡᠯ᠎ᠡ ᠮᠠᠯᠵᠢᠬᠤ᠂ ᠠᠳᠠᠷ ᠬᠠᠭ᠋ᠠᠯᠪᠤᠷᠢᠯᠠᠬᠤ᠂ ᠲᠦᠯᠡᠭᠡ ᠲᠦᠯᠡᠰᠢ ᠭᠡᠳᠦᠷᠡᠳᠡᠯ᠎ᠡ ᠲᠠᠭᠦᠭᠦ ᠪᠡ ᠡᠮ᠎ᠤᠨ ᠤᠷᠭᠤᠮᠠᠯ ᠮᠠᠯᠳᠠᠬᠤ ᠵᠡᠷᠭᠡ ᠲᠡᠭᠡᠷᠡᠮᠳᠡᠯ᠎ᠤᠨ ᠭᠡᠯᠪᠡᠷᠢ᠎ᠲᠠᠢ ᠡᠵᠡᠩᠨᠡᠯᠳᠡ ᠵᠢᠨ ᠠᠵᠢᠯᠯᠠᠭ᠎ᠠ ᠵᠢ ᠲᠦᠷᠰᠦᠯᠡᠯ ᠵᠶ᠋ᠠᠷ ᠭᠡᠯᠡᠪᠡᠯ ᠲᠠᠷᠤᠢ ᠨᠢᠭᠡᠨ ᠵᠦᠢ᠍ᠯ᠎ᠤᠨ ᠨᠠᠭᠤᠷ ᠵᠶ᠋ᠠᠨ ᠬᠠᠳᠠᠭ᠋ᠠᠵᠤ ᠨᠤᠭᠤᠰᠤ᠎ᠪᠠᠨ ᠦᠭᠦᠭᠦᠯᠭᠦ ᠠᠵᠢᠯᠯᠠᠭ᠎ᠠ ᠪᠤᠯᠬᠤ ᠶᠤᠮ᠃
(ᠢᠷᠡᠯᠲᠡ᠄ ᠪᠦᠷᠢᠨᠪᠠᠶᠠᠷ᠂ ᠮᠦᠩᠬᠡᠪᠠᠭ᠋ᠠᠲᠤᠷ᠂ ᠬᠤᠩ ᠮᠧᠢ ᠨᠠᠷ᠎ᠤᠨ ᠨᠠᠶ᠋ᠢᠷᠠᠭᠤᠯᠤᠭᠰᠠᠨ 《ᠮᠠᠯᠵᠢᠯ᠎ᠤᠨ ᠮᠡᠳᠡᠯᠭᠡ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)