ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠲᠠᠷᠢᠮᠠᠯ᠎ᠤᠨ ᠦᠷᠡᠵᠢᠯ᠎ᠤᠨ ᠬᠤᠭᠤᠴᠠᠭ᠎ᠠ ᠵᠢ ᠲᠤᠬᠢᠷᠠᠭᠤᠯᠬᠤ᠎ᠪᠠᠷ ᠳᠠᠮᠵᠢᠨ ᠡᠪᠡᠳᠴᠢᠨ ᠬᠤᠷᠤᠬᠠᠢ ᠵᠢᠨ ᠬᠦᠨᠦᠭᠡᠯ᠎ᠢ ᠬᠡᠷᠬᠢᠨ ᠬᠢᠵᠠᠭ᠋ᠠᠷᠯᠠᠬᠤ ᠪᠤᠢ
ᠨᠡᠶ᠋ᠢᠲᠡᠯᠡᠭᠰᠡᠨ ᠴᠠᠭ᠄ 2021-08-02

      ᠤᠷᠲᠤ ᠬᠤᠭᠤᠴᠠᠭ᠋ᠠᠨ᠎ᠤ ᠵᠣᠬᠢᠴᠠᠬᠤ ᠴᠢᠨᠠᠷᠲᠠᠢ ᠬᠤᠪᠢᠰᠤᠯᠲᠠ᠎ᠠᠴᠠ ᠪᠣᠯᠵᠣ᠂ ᠤᠨᠴᠠ ᠨᠢᠭᠡᠨ ᠭᠠᠵᠠᠷ᠎ᠲᠤ ᠬᠦᠨᠦᠭᠡᠯᠲᠦ ᠰᠢᠪᠡᠵᠢ ᠵᠢᠨ ᠡᠭᠦᠰᠬᠦ ᠬᠤᠭᠤᠴᠠᠭ᠎ᠠ ᠬᠢᠭᠡᠳ ᠲᠡᠭᠦᠨ᠎ᠤ ᠮᠦᠯᠵᠢᠭᠳᠡᠭᠴᠢ ᠤᠷᠭᠤᠮᠠᠯ᠎ᠤᠨ ᠤᠷᠭᠤᠯᠲᠠ ᠵᠢᠨ ᠬᠤᠭᠤᠴᠠᠭ᠎ᠠ᠎ᠨᠢ ᠬᠠᠷᠢᠯᠴᠠᠨ ᠲᠠᠭ᠋ᠠᠷᠠᠬᠤ ᠪᠠᠶ᠋ᠢᠳᠠᠯ ᠭᠠᠷᠳᠠᠭ᠃ ᠡᠶ᠋ᠢᠮᠦ᠎ᠠᠴᠠ ᠳᠠᠬᠢᠨ ᠲᠠᠷᠢᠬᠤ ᠢᠯᠡᠳᠭᠡᠭᠴᠢ ᠵᠢᠴᠢ ᠪᠤᠰᠤᠳ ᠤᠨᠠᠯᠲᠠ ᠨᠡᠮᠡᠭᠳᠡᠬᠦ ᠱᠠᠭ᠋ᠠᠷᠳᠠᠯᠭ᠎ᠠ ᠵᠢ ᠨᠦᠯᠦᠭᠡᠯᠡᠬᠦ ᠦᠭᠡᠢ ᠪᠠᠶ᠋ᠢᠳᠠᠯ ᠳᠤᠤᠷ᠎ᠠ᠂ ᠲᠠᠷᠢᠬᠤ ᠬᠤᠭᠤᠴᠠᠭ᠎ᠠ ᠵᠢ ᠵᠣᠬᠢᠰᠲᠠᠢ ᠤᠷᠢᠳᠴᠢᠯᠠᠭᠤᠯᠬᠤ ᠪᠣᠶᠣ ᠬᠤᠶ᠋ᠢᠰᠢᠯᠠᠭᠤᠯᠤᠨ ᠬᠦᠨᠦᠭᠡᠯᠲᠦ ᠰᠢᠪᠡᠵᠢ ᠵᠢᠨ ᠡᠭᠦᠰᠬᠦ ᠬᠤᠭᠤᠴᠠᠭ᠎ᠠ ᠪᠤᠯᠤᠨ ᠲᠠᠷᠢᠮᠠᠯ᠎ᠤᠨ ᠠᠮᠠᠷᠬᠠᠨ ᠬᠦᠨᠦᠭᠡᠭᠳᠡᠬᠦ ᠬᠤᠭᠤᠴᠠᠭ᠎ᠠ ᠵᠢ ᠵᠦᠷᠢᠭᠦᠯᠪᠡᠯ ᠬᠦᠨᠦᠭᠡᠯᠲᠦ ᠰᠢᠪᠡᠵᠢ ᠵᠢᠨ ᠬᠦᠨᠦᠭᠡᠯ᠎ᠠᠴᠠ ᠵᠠᠶ᠋ᠢᠯᠠᠰᠬᠢᠬᠦ ᠪᠣᠶᠣ ᠪᠠᠭ᠋ᠠᠰᠬᠠᠵᠤ ᠴᠢᠳᠠᠨ᠎ᠠ᠃ ᠡᠨᠡ ᠬᠦ᠌ ᠠᠷᠭ᠎ᠠ᠎ᠨᠢ ᠲᠡᠳᠡᠭᠡᠷ ᠲᠠᠷᠢᠬᠤ ᠬᠤᠭᠤᠴᠠᠭ᠋ᠠᠨ᠎ᠤ ᠬᠡᠪᠴᠢᠶ᠎ᠠ᠎ᠨᠢ ᠶᠡᠭᠡ᠂ ᠠᠮᠠᠷᠬᠠᠨ ᠬᠦᠨᠦᠭᠡᠭᠳᠡᠬᠦ ᠬᠤᠭᠤᠴᠠᠭ᠎ᠠ᠎ᠨᠢ ᠣᠬᠤᠷ ᠲᠠᠷᠢᠮᠠᠯ ᠪᠣᠯᠣᠨ ᠢᠳᠡᠬᠦ ᠵᠠᠩᠰᠢᠯ᠎ᠨᠢ ᠬᠤᠪᠢᠷᠠᠳᠠᠭ ᠦᠭᠡᠢ᠃ ᠡᠭᠦᠰᠬᠦ ᠬᠤᠭᠤᠴᠠᠭ᠎ᠠ᠎ᠨᠢ ᠠᠳᠠᠯᠢ ᠵᠢᠴᠢ ᠬᠦᠨᠦᠭᠡᠬᠦ ᠬᠤᠭᠤᠴᠠᠭ᠎ᠠ᠎ᠨᠢ ᠨᠡᠯᠢᠶᠡᠳ ᠲᠦᠪᠯᠡᠷᠡᠩᠭᠦᠢ ᠬᠦᠨᠦᠭᠡᠯᠲᠦ ᠰᠢᠪᠡᠵᠢ᠎ᠳᠤ ᠢᠯᠡᠷᠬᠡᠢ ᠦᠢ᠍ᠯᠡᠳᠦᠯ᠎ᠲᠠᠢ᠃ ᠬᠠᠪᠤᠷ᠎ᠤᠨ ᠪᠤᠭᠤᠳᠠᠢ ᠵᠢ ᠵᠣᠬᠢᠰᠲᠠᠢ᠎ᠪᠠᠷ ᠭᠦᠢ᠍ᠬᠡᠨ ᠲᠠᠷᠢᠪᠠᠯ ᠤᠷᠢᠳᠴᠢᠯᠠᠨ ᠴᠢᠬᠢᠯᠡᠬᠦ᠂ ᠡᠮᠦᠨᠡᠬᠢ ᠬᠤᠭᠤᠴᠠᠭ᠋ᠠᠨ᠎ᠤ ᠦᠰᠦᠯᠲᠡ᠎ᠨᠢ ᠲᠦᠷᠭᠡᠳᠴᠦ᠂ ᠪᠤᠭᠤᠳᠠᠢ ᠵᠢᠨ ᠰᠦᠷᠡᠯ᠎ᠤᠨ ᠢᠯᠠᠭ᠎ᠠ ᠪᠣᠯᠣᠨ ᠡᠯ᠎ᠡ ᠵᠦᠢ᠍ᠯ᠎ᠤᠨ ᠭᠠᠵᠠᠷ ᠳᠤᠤᠷᠠᠬᠢ ᠬᠦᠨᠦᠭᠡᠯᠲᠦ ᠰᠢᠪᠡᠵᠢ ᠵᠢᠨ ᠬᠦᠨᠦᠭᠡᠯ᠎ᠢ ᠵᠣᠬᠢᠬᠤ ᠬᠡᠮᠵᠢᠶ᠎ᠡ᠎ᠪᠠᠷ ᠬᠦᠩᠭᠡᠷᠡᠭᠦᠯᠦᠨ᠎ᠡ᠃


     (ᠢᠷᠡᠯᠲᠡ᠄ ᠰᠢ ᠶᠢᠩ᠎ᠤᠨ ᠨᠠᠶ᠋ᠢᠷᠠᠭᠤᠯᠤᠭᠰᠠᠨ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)
   

ᠢᠷᠡᠯᠲᠡ᠄ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》
          
ᠬᠠᠮᠢᠶ᠎ᠡ ᠪᠦᠬᠦᠢ ᠰᠣᠨᠢᠨ
ᠲᠠᠯ᠎ᠠ ᠨᠤᠳᠤᠭ᠎ᠲᠤ ᠡᠪᠡᠰᠤ ᠮᠤᠳᠤ ᠶᠡᠭᠡ᠎ᠪᠠᠷ ᠲᠠᠷᠢᠪᠡᠯ᠂ ᠨᠤᠳᠤᠭ ᠪᠡᠯᠴᠢᠭᠡᠷ᠎ᠤᠨ ᠲᠠᠴᠢᠷᠳᠠᠯ᠎ᠢ ᠵᠤᠠᠠᠰᠤᠭ᠋ᠠᠵᠤ ᠲᠠᠶ᠋ᠢᠯᠦᠨ᠎ᠠ ᠤᠤ?
ᠨᠢᠰᠭᠡᠯ ᠵᠶ᠋ᠠᠷ ᠡᠪᠡᠰᠤ ᠲᠠᠷᠢᠬᠤ᠎ᠨᠢ ᠡᠯᠡᠰᠦᠷᠭᠡᠭᠵᠢᠯ᠎ᠢ ᠵᠠᠰᠠᠬᠤ ᠵᠢᠱ᠌ᠢᠭᠰᠡᠨ ᠦᠷ᠎ᠠ ᠳ᠋ᠦᠩ᠎ᠳᠤ ᠭᠦᠷᠴᠤ ᠴᠢᠳᠠᠨ᠎ᠠ ᠤᠤ?
ᠲᠠᠯ᠎ᠠ ᠨᠤᠳᠤᠭ᠎ᠲᠤ ᠡᠪᠡᠰᠤ ᠮᠤᠳᠤ ᠶᠡᠭᠡ᠎ᠪᠠᠷ ᠲᠠᠷᠢᠪᠡᠯ᠂ ᠨᠤᠳᠤᠭ ᠪᠡᠯᠴᠢᠭᠡᠷ᠎ᠤᠨ ᠲᠠᠴᠢᠷᠳᠠᠯ᠎ᠢ ᠵᠤᠠᠠᠰᠤᠭ᠋ᠠᠵᠤ ᠲᠠᠶ᠋ᠢᠯᠦᠨ᠎ᠠ ᠤᠤ?
ᠠᠮᠢ ᠠᠬᠤᠢ ᠵᠢ ᠰᠡᠷᠭᠦᠭᠡᠭᠦ᠎ᠳᠤ ᠪᠠᠶ᠋ᠢᠭ᠋ᠠᠯᠢᠯᠢᠬ ᠭᠦᠴᠤᠨ᠎ᠢ ᠴᠢᠬᠤᠯᠠᠴᠢᠯᠠᠨ᠎ᠠ ᠤᠤ? ᠡᠰᠡᠪᠡᠯ ᠭᠦᠮᠦᠨ᠎ᠤ ᠭᠦᠴᠤᠨ᠎ᠢ ᠴᠢᠬᠤᠯᠠᠴᠢᠯᠡᠨ᠎ᠠ ᠤᠤ?
ᠶᠠᠭᠤ ᠵᠢ ᠹᠢᠽᠢᠺ᠎ᠤᠨ ᠠᠷᠭ᠎ᠠ᠎ᠪᠠᠷ ᠡᠪᠡᠳᠴᠢᠨ ᠬᠤᠷᠤᠬᠠᠢ ᠵᠢᠨ ᠬᠦᠨᠦᠭᠡᠯ᠎ᠤᠨ ᠰᠡᠷᠭᠡᠶ᠋ᠢᠯᠡᠨ ᠵᠠᠰᠠᠬᠤ ᠭᠡᠬᠦ ᠪᠤᠢ
 
             蒙ICP备05000248号