ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠨᠢᠰᠭᠡᠯ ᠵᠶ᠋ᠠᠷ ᠡᠪᠡᠰᠤ ᠲᠠᠷᠢᠬᠤ᠎ᠨᠢ ᠡᠯᠡᠰᠦᠷᠭᠡᠭᠵᠢᠯ᠎ᠢ ᠵᠠᠰᠠᠬᠤ ᠵᠢᠱ᠌ᠢᠭᠰᠡᠨ ᠦᠷ᠎ᠠ ᠳ᠋ᠦᠩ᠎ᠳᠤ ᠭᠦᠷᠴᠤ ᠴᠢᠳᠠᠨ᠎ᠠ ᠤᠤ?
ᠨᠡᠶ᠋ᠢᠲᠡᠯᠡᠭᠰᠡᠨ ᠴᠠᠭ᠄ 2021-08-31

      ᠨᠢᠰᠭᠡᠯ ᠵᠶ᠋ᠠᠷ ᠡᠪᠡᠰᠤ ᠲᠠᠷᠢᠬᠤ᠎ᠨᠢ ᠮᠠᠰᠢ ᠶᠡᠭᠡ ᠭᠡᠮᠵᠢᠶᠠᠨ᠎ᠤ ᠲᠠᠯ᠎ᠠ᠎ᠪᠠᠷ ᠲᠠᠯ᠎ᠠ ᠨᠤᠳᠤᠭ᠎ᠤᠨ ᠭᠠᠵᠠᠷ ᠤᠷᠤᠨ᠎ᠤ ᠪᠠᠶ᠋ᠢᠳᠠᠯ᠎ᠳᠤ ᠲᠤᠭᠢᠷᠠᠬᠤ ᠦᠭᠡᠢ ᠶᠤᠮ᠃ ᠶᠠᠭ᠋ᠠᠭᠢᠭ᠋ᠠᠳ ᠭᠡᠪᠡᠯ᠄

      ᠨᠢᠭᠡᠳᠦᠭᠡᠷ᠎ᠲᠤ᠂ ᠲᠠᠯᠠᠷᠬᠠᠭ ᠤᠷᠤᠨ᠎ᠤ ᠭᠦᠷᠤᠰᠤ ᠰᠢᠷᠤᠢ᠎ᠳᠤ ᠶᠡᠭᠡ ᠭᠡᠮᠵᠢᠶᠠᠨ᠎ᠤ ᠦᠷ᠎ᠠ ᠵᠢᠴᠢ ᠡᠯ᠎ᠠ ᠲᠦᠷᠦᠯ᠎ᠤᠨ ᠦᠷᠡᠵᠢᠯᠳᠤ ᠪᠡᠶ᠎ᠠ ᠠᠭᠤᠯᠤᠠᠠᠳᠠᠵᠤ᠂ ᠵᠦᠪᠭᠡᠨ ᠨᠠᠭᠢᠶᠠᠯᠠᠵᠤ ᠲᠠᠶ᠋ᠢᠯᠭᠦ ᠦᠭᠡᠢ ᠪᠤᠶᠤ ᠨᠠᠭᠢᠶᠠᠯᠬᠠᠰᠠᠨ ᠴᠤ᠌ ᠤᠷᠭᠤᠬᠤ ᠲᠤᠭᠢᠶᠠᠯ ᠦᠭᠡᠢ ᠪᠠᠶ᠋ᠢᠳᠠᠭ᠃ ᠡᠶ᠋ᠢᠮᠤ᠎ᠠᠴᠠ ᠨᠢᠰᠭᠡᠯ ᠵᠶ᠋ᠠᠷ ᠡᠪᠡᠰᠤ ᠲᠠᠷᠢᠬᠤ᠎ᠨᠢ ᠵᠦᠪᠭᠡᠨ ᠡᠪᠡᠰᠤ ᠪᠡᠯᠴᠢᠭᠡᠷ᠎ᠤᠨ ᠰᠡᠷᠭᠦᠯᠳᠡ ᠵᠢᠨ ᠲᠤᠮᠳᠡᠭᠢ ᠮᠠᠰᠢ ᠵᠢᠵᠢᠭ ᠲᠡᠳ᠋ ᠵᠦᠷᠢᠴᠡᠯ᠎ᠢ ᠰᠢᠢ᠍ᠳᠪᠤᠷᠢᠯᠡᠭᠰᠡᠨ ᠲᠡᠳᠦᠢ ᠶᠤᠮ᠃ ᠭᠤᠤᠯ ᠵᠦᠷᠢᠴᠡᠯ᠎ᠨᠢ ᠪᠤᠯ ᠮᠠᠯ ᠰᠦᠷᠦᠭ᠎ᠤᠨ ᠲᠠᠷᠤᠯᠳᠠ᠂ ᠲᠠᠷᠠᠭ᠎ᠠ᠎ᠨᠢ ᠪᠤᠯ ᠭᠠᠩ ᠬᠠᠭᠰᠠᠷᠠᠭ᠋ᠠᠨ ᠪᠤᠯᠤᠨ᠎ᠠ᠃

      ᠬᠤᠶᠠᠳᠤᠭ᠋ᠠᠷ᠎ᠲᠤ᠂ ᠨᠢᠰᠭᠡᠯ ᠵᠶ᠋ᠠᠷ ᠡᠪᠡᠰᠤ ᠲᠠᠷᠢᠬᠤ᠎ᠨᠢ ᠶᠡᠭᠡ ᠭᠡᠮᠵᠢᠶᠠᠨ᠎ᠤ ᠭᠠᠳᠠᠨᠠᠭᠢ ᠵᠢᠨ ᠦᠷ᠎ᠠ ᠵᠢ ᠠᠪᠴᠢᠷᠠᠵᠤ᠂ ᠵᠠᠷᠢᠮ ᠬᠤᠤᠷ᠎ᠲᠠᠢ ᠦᠷ᠎ᠠ᠂ ᠵᠢᠱ᠌ᠢᠶᠡᠯᠡᠪᠡᠯ ᠰᠤᠠᠠᠳᠤᠭᠤ ᠡᠪᠡᠰᠤᠨ᠎ᠤ ᠦᠷ᠎ᠠ᠎ᠨᠢ ᠲᠤᠷᠯᠤᠭ ᠲᠠᠪᠡᠯᠵᠢ ᠵᠢᠨ ᠦᠷ᠎ᠠ᠎ᠲᠠᠢ ᠬᠤᠯᠢᠯᠳᠤᠭ᠋ᠠᠳ ᠲᠠᠯ᠎ᠠ ᠨᠤᠳᠤᠭ᠎ᠲᠤ ᠪᠠᠭᠤᠬᠤ ᠪᠤᠯᠤᠨ᠎ᠠ᠃ ᠲᠠᠷᠠ ᠮᠦᠷᠳᠡᠭᠡᠨ ᠶᠡᠭᠡᠨᠭᠭᠢ ᠦᠷ᠎ᠠ᠎ᠨᠢ ᠲᠤᠰ ᠭᠠᠵᠠᠷ ᠤᠷᠤᠨ᠎ᠳᠤ ᠤᠷᠭᠤᠬᠤ ᠦᠭᠡᠢ ᠪᠠᠶ᠋ᠢᠳᠠᠯ᠎ᠠ ᠬᠠᠷᠢᠨ ᠶᠡᠭᠡ ᠭᠡᠮᠵᠢᠶ᠎ᠠ᠎ᠪᠠᠷ ᠲᠠᠷᠢᠵᠤ ᠪᠠᠶ᠋ᠢᠳᠠᠭ᠃ ᠡᠨᠡ᠎ᠨᠢ ᠤᠬᠤᠷᠬᠠᠨ ᠬᠤᠭᠤᠴᠠᠭ᠋ᠠᠨ ᠲᠤᠳᠤᠷ᠎ᠠ ᠪᠢᠳᠡ ᠲᠡᠭᠦᠨ᠎ᠤ ᠭᠦᠨᠦᠭᠡᠯ᠎ᠢ ᠤᠯᠵᠤ ᠬᠠᠷᠠᠬᠤ ᠦᠭᠡᠢ ᠪᠤᠯᠪᠠᠴᠤ ᠠᠮᠢ ᠠᠬᠤᠢ ᠵᠢᠨ ᠲᠡᠩᠴᠡᠭᠦᠷᠢ ᠪᠤᠯᠤᠨ ᠠᠮᠢᠳᠤ ᠪᠤᠳᠠᠰ᠎ᠤᠨ ᠤᠯᠠᠨ ᠶᠠᠩᠵᠤᠳᠤ ᠴᠢᠨᠠᠷ᠎ᠢ ᠬᠠᠮᠠᠭ᠋ᠠᠯᠠᠬᠤ ᠲᠠᠯ᠎ᠠ᠎ᠠᠴᠠ ᠠᠪᠴᠤ ᠦᠵᠡᠪᠡᠯ ᠠᠰᠢᠭ ᠦᠭᠡᠢ ᠶᠠᠪᠤᠳᠠᠯ ᠪᠤᠯᠬᠤ ᠶᠤᠮ᠃

      ᠭᠤᠷᠪᠠᠳᠤᠭ᠋ᠠᠷ᠎ᠲᠤ᠂ ᠠᠵᠤ ᠠᠬᠤᠢ ᠵᠢᠨ ᠲᠠᠯ᠎ᠠ᠎ᠪᠠᠷ ᠠᠰᠢᠭ ᠦᠭᠡᠢ᠂ ᠬᠠᠮᠢᠶ᠎ᠠ ᠪᠦᠭᠦᠢ ᠪᠠᠶ᠋ᠢᠴᠠᠭ᠋ᠠᠯᠳᠠ ᠵᠢ ᠦᠨᠳᠦᠰᠦᠯᠡᠪᠡᠯ᠂ ᠶᠠᠮᠠᠷ ᠨᠢᠭᠡᠨ ᠬᠤᠰᠢᠭᠤ ᠰᠢᠶᠠᠨ 5000 ᠮᠤ᠌ ᠡᠯᠡᠰᠤᠨ᠎ᠳᠤ ᠨᠢᠰᠭᠡᠯ ᠵᠶ᠋ᠠᠷ ᠡᠪᠡᠰᠤ ᠲᠠᠷᠢᠵᠤ᠂ ᠪᠦᠷᠭᠦᠴᠡ ᠵᠢᠨ ᠨᠤᠷᠮ᠎ᠠ ᠵᠢ 30% ᠰᠢᠬᠠᠮ ᠲᠡᠭᠡᠭᠰᠢᠯᠡᠭᠦᠯᠵᠤ᠂ ᠪᠦᠷᠭᠦᠴᠡ ᠵᠢᠨ ᠨᠤᠷᠮ᠎ᠠ ᠵᠢ 10%᠎ᠪᠠᠷ ᠲᠡᠭᠡᠭᠰᠢᠯᠡᠭᠦᠯᠭᠦ ᠪᠦᠷᠢ ᠮᠤ᠌ ᠪᠦᠷᠢ 54 ᠲᠦᠭᠦᠷᠢᠭ ᠵᠠᠷᠤᠴᠠᠭᠤᠯᠵᠤ᠂ ᠨᠠᠶ᠋ᠢᠳᠡ 81 ᠲᠦᠮᠡᠨ ᠲᠦᠭᠦᠷᠢᠭ ᠭᠡᠷᠡᠭᠯᠡᠵᠤ᠂ ᠡᠭᠦᠨ᠎ᠳᠤ ᠪᠠᠰᠠ ᠨᠢᠰᠭᠡᠯ ᠵᠶ᠋ᠠᠷ ᠲᠠᠷᠢᠭ᠋ᠠᠳ ᠪᠦᠳᠦᠭᠰᠡᠨ ᠦᠭᠡᠢ ᠡᠯ᠎ᠡ ᠵᠦᠢ᠍ᠯ᠎ᠤᠨ ᠰᠦᠢ᠍ᠳᠭᠡᠯ ᠪᠠᠭᠳᠠᠬᠤ ᠦᠭᠡᠢ ᠪᠠᠶ᠋ᠢᠳᠠᠭ᠃ ᠭᠡᠳᠡᠯ᠎ᠠ ᠭᠦᠷᠢᠶᠡᠯᠡᠭᠰᠡᠨ ᠲᠤᠷᠰᠢᠯᠭ᠎ᠠ᠎ᠠᠴᠠ ᠠᠪᠴᠤ ᠦᠵᠡᠪᠡᠯ᠂ 4 ᠲᠦᠮᠡᠨ ᠮᠤ᠌ ᠡᠯᠡᠰᠦᠷᠭᠡᠭ ᠭᠠᠵᠠᠷ᠎ᠢ ᠭᠦᠷᠢᠶᠠᠯᠡᠬᠦ᠎ᠳᠤ 16 ᠲᠦᠮᠡᠨ ᠲᠦᠭᠦᠷᠢᠭ ᠯᠡ ᠵᠠᠷᠤᠴᠠᠭᠤᠯᠵᠤ᠂ ᠡᠪᠡᠰᠤᠨ᠎ᠤ ᠪᠦᠷᠭᠦᠴᠡ ᠵᠢᠨ ᠨᠤᠷᠮ᠎ᠠ᠎ᠨᠢ 100%᠎ᠳᠤ ᠭᠦᠷᠴᠤ᠂ ᠨᠡᠭᠦᠳᠡᠯ ᠡᠯᠡᠰᠤᠨ᠎ᠤ ᠠᠶᠠᠠᠳᠠᠭ᠋ᠠᠨ ᠰᠡᠷᠭᠦᠭᠦ ᠨᠤᠷᠮ᠎ᠠ᠎ᠨᠢ 30%᠎ᠳᠤ ᠭᠦᠷᠴᠤ᠂ ᠲᠤᠮᠳᠠᠴᠢᠯᠠᠵᠤ ᠪᠤᠳᠤᠪᠠᠯ ᠪᠦᠷᠭᠦᠴᠡ ᠵᠢᠨ ᠨᠤᠷᠮ᠎ᠠ᠎ᠨᠢ 100% ᠲᠡᠭᠡᠭᠰᠢᠯᠡᠭᠦᠯᠭᠦ ᠪᠦᠷᠢ ᠮᠤ᠌ ᠪᠦᠷᠢ᠎ᠳᠤ 1.73 ᠲᠦᠭᠦᠷᠢᠭ ᠵᠠᠷᠤᠴᠠᠭᠤᠯᠤᠠᠠᠰᠠᠨ ᠪᠠᠶ᠋ᠢᠨ᠎ᠠ᠃ ᠠᠶᠠᠠᠳᠠᠭ᠋ᠠᠨ ᠰᠡᠷᠭᠦᠭᠰᠡᠨ ᠤᠷᠭᠤᠮᠠᠯ᠎ᠨᠢ ᠶᠠᠮᠠᠷ ᠴᠤ᠌ ᠬᠤᠯᠢᠯᠴᠠᠭ᠎ᠠ ᠦᠭᠡᠢ ᠴᠦᠮ ᠦᠶᠡᠳᠤ ᠤᠷᠭᠤᠮᠠᠯ᠎ᠤᠨ ᠴᠢᠨᠠᠷ ᠰᠠᠶ᠋ᠢᠳᠡᠢ ᠡᠪᠡᠰᠤ ᠪᠡᠯᠴᠢᠭᠡᠷ ᠪᠤᠯᠤᠨ᠎ᠠ᠃ ᠡᠶ᠋ᠢᠮᠤ᠎ᠠᠴᠠ ᠠᠵᠤ ᠠᠬᠤᠢ ᠵᠢᠨ ᠲᠠᠯ᠎ᠠ᠎ᠪᠠᠷ ᠴᠤ᠌ ᠲᠠᠷᠠ᠂ ᠠᠮᠢ ᠠᠬᠤᠢ ᠵᠢᠨ ᠲᠠᠯ᠎ᠠ᠎ᠪᠠᠷ ᠴᠤ᠌ ᠲᠠᠷᠠ᠂ ᠨᠢᠰᠭᠡᠯ ᠵᠶ᠋ᠠᠷ ᠡᠪᠡᠰᠤ ᠲᠠᠷᠢᠬᠤ᠎ᠨᠢ ᠠᠰᠢᠭ ᠦᠭᠡᠢ ᠪᠦᠭᠡᠳ ᠴᠢᠨ᠋ᠬᠠᠰᠢᠯᠠᠪᠠᠯ ᠭᠦᠨᠦᠭᠡᠯ᠎ᠲᠠᠢ ᠶᠤᠮ᠃

     (ᠢᠷᠡᠯᠲᠡ᠄ ᠪᠦᠷᠢᠨᠪᠠᠶᠠᠷ᠂ ᠮᠦᠩᠬᠡᠪᠠᠭ᠋ᠠᠲᠤᠷ᠂ ᠬᠤᠩ ᠮᠧᠢ ᠨᠠᠷ᠎ᠤᠨ ᠨᠠᠶ᠋ᠢᠷᠠᠭᠤᠯᠤᠭᠰᠠᠨ 《ᠮᠠᠯᠵᠢᠯ᠎ᠤᠨ ᠮᠡᠳᠡᠯᠭᠡ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)
   

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠲᠠᠯ᠎ᠠ ᠨᠤᠳᠤᠭ᠎ᠲᠤ ᠡᠪᠡᠰᠤ ᠮᠤᠳᠤ ᠶᠡᠭᠡ᠎ᠪᠠᠷ ᠲᠠᠷᠢᠪᠡᠯ᠂ ᠨᠤᠳᠤᠭ ᠪᠡᠯᠴᠢᠭᠡᠷ᠎ᠤᠨ ᠲᠠᠴᠢᠷᠳᠠᠯ᠎ᠢ ᠵᠤᠠᠠᠰᠤᠭ᠋ᠠᠵᠤ ᠲᠠᠶ᠋ᠢᠯᠦᠨ᠎ᠠ ᠤᠤ?
ᠠᠮᠢ ᠠᠬᠤᠢ ᠵᠢ ᠰᠡᠷᠭᠦᠭᠡᠭᠦ᠎ᠳᠤ ᠪᠠᠶ᠋ᠢᠭ᠋ᠠᠯᠢᠯᠢᠬ ᠭᠦᠴᠤᠨ᠎ᠢ ᠴᠢᠬᠤᠯᠠᠴᠢᠯᠠᠨ᠎ᠠ ᠤᠤ? ᠡᠰᠡᠪᠡᠯ ᠭᠦᠮᠦᠨ᠎ᠤ ᠭᠦᠴᠤᠨ᠎ᠢ ᠴᠢᠬᠤᠯᠠᠴᠢᠯᠡᠨ᠎ᠠ ᠤᠤ?
ᠶᠠᠭᠤ ᠵᠢ ᠹᠢᠽᠢᠺ᠎ᠤᠨ ᠠᠷᠭ᠎ᠠ᠎ᠪᠠᠷ ᠡᠪᠡᠳᠴᠢᠨ ᠬᠤᠷᠤᠬᠠᠢ ᠵᠢᠨ ᠬᠦᠨᠦᠭᠡᠯ᠎ᠤᠨ ᠰᠡᠷᠭᠡᠶ᠋ᠢᠯᠡᠨ ᠵᠠᠰᠠᠬᠤ ᠭᠡᠬᠦ ᠪᠤᠢ
ᠪᠦᠷᠬᠦᠬᠦ ᠮᠡᠷᠭᠡᠵᠢᠯ᠎ᠢ ᠠᠰᠢᠭᠯᠠᠨ ᠡᠪᠡᠳᠴᠢᠨ ᠬᠤᠷᠤᠬᠠᠢ ᠵᠢᠨ ᠬᠦᠨᠦᠭᠡᠯ᠎ᠢ ᠬᠡᠷᠬᠢᠨ ᠬᠢᠵᠠᠭ᠋ᠠᠷᠯᠠᠬᠤ ᠪᠤᠢ
ᠨᠤᠳᠤᠭ ᠤᠰᠤ᠎ᠪᠠᠷ᠎ᠨᠢ ᠨᠤᠳᠤᠭ ᠪᠡᠯᠴᠢᠭᠡᠷ᠎ᠢ ᠵᠠᠰᠠᠬᠤ ᠪᠤᠯ ᠵᠠᠩᠭᠢᠯᠠᠭ᠎ᠠ᠂ ᠠᠮᠢ ᠠᠬᠤᠢ ᠵᠢᠨ ᠬᠤᠳᠠ ᠪᠠᠯᠭ᠋ᠠᠰᠤᠴᠢᠯᠠᠯ ᠪᠤᠯ ᠭᠠᠷᠬᠤ ᠵᠠᠮ ᠮᠦᠨ ᠭᠡᠰᠡᠨ ᠦᠯᠢᠭᠡᠷ ᠭᠡᠪ᠎ᠢ ᠶᠠᠭ᠋ᠠᠭᠢᠵᠤ ᠤᠶ᠋ᠢᠯᠠᠭ᠋ᠠᠬᠤ ᠪᠤᠢ?
 
             蒙ICP备05000248号