ᠡᠮᠨᠡᠯᠭᠡ ᠵᠢᠨ ᠲᠤᠰᠬᠠᠢ ᠮᠡᠷᠭᠡᠵᠢᠯᠳᠡᠨ᠎ᠤ ᠰᠠᠨᠠᠭᠤᠯᠬᠤ᠎ᠪᠠᠷ᠂ ᠡᠮᠡᠭᠳᠡᠢ ᠬᠦᠮᠦᠨ ᠨᠢᠭᠡ ᠪᠡᠶᠡᠨ᠎ᠳᠡᠭᠡᠨ ᠦᠷᠭᠦᠯᠵᠢ ᠴᠢᠪᠠᠭ᠎ᠠ ᠢᠳᠡᠬᠦ ᠬᠡᠷᠡᠭᠳᠡᠢ᠃ ᠴᠢᠪᠠᠭ᠎ᠠ ᠪᠣᠯ ᠡᠮᠡᠭᠳᠡᠢ ᠬᠦᠮᠦᠨ᠎ᠤ ᠬᠠᠮᠤᠭ᠎ᠤᠨ ᠰᠠᠶ᠋ᠢᠨ ᠰᠢᠮ᠎ᠡ ᠲᠡᠵᠢᠭᠡᠯ ᠪᠠ ᠭᠤᠶᠤᠯᠠᠯ᠎ᠤᠨ ᠵᠢᠮᠢᠰ ᠮᠦᠨ ᠭᠡᠵᠤ ᠪᠤᠢ᠃
〈1) ᠴᠢᠪᠠᠭ᠎ᠠ ᠵᠢ ᠪᠤᠴᠠᠯᠤᠭᠰᠠᠨ ᠤᠰᠤᠨ᠎ᠳᠤ ᠴᠢᠯᠡᠵᠤ ᠤᠰᠤᠢᠨᠢ ᠤᠤᠭᠤᠪᠠᠯ ᠡᠯᠢᠭᠡ ᠬᠤᠳᠤᠭ᠋ᠠᠳᠤ ᠵᠢ ᠭᠠᠮᠨᠠᠶᠵᠤ ᠪᠡᠶ᠎ᠡ ᠵᠢᠨ ᠬᠤᠤᠷ᠎ᠢ ᠠᠷᠢᠯᠭ᠋ᠠᠨ᠎ᠠ᠃
〈2) ᠴᠢᠪᠠᠭ᠎ᠠ ᠵᠢ ᠯᠤᠤ ᠵᠢᠨ ᠨᠢᠳᠤ᠎ᠲᠠᠢ᠂ ᠬᠦᠬᠡ ᠴᠠᠢ᠎ᠲᠠᠢ ᠴᠤᠭ ᠴᠢᠯᠡᠵᠤ ᠤᠤᠭᠤᠪᠠᠯ ᠲᠠᠮᠢᠷ ᠲᠡᠩᠬᠡᠭᠡ ᠵᠢ ᠨᠡᠮᠡᠭᠳᠡᠬᠦᠯᠵᠤ ᠬᠤᠭᠤᠯᠠᠢ ᠪᠠᠭ᠋ᠠᠯᠵᠠᠭᠤᠷᠲᠤ ᠰᠠᠶ᠋ᠢᠨ᠃
〈3) ᠴᠢᠪᠠᠭ᠎ᠠ ᠵᠢ ᠮᠦᠰᠦᠨ ᠰᠢᠬᠡᠷ᠂ ᠲᠤᠳᠤᠷᠭ᠎ᠠ ᠪᠤᠶᠤ ᠨᠠᠷᠢᠮᠤ ᠪᠤᠳᠠᠭ᠎ᠠ᠎ᠲᠠᠢ ᠰᠢᠩᠬᠡᠨ ᠵᠤᠳᠠᠩ ᠪᠤᠯᠭ᠋ᠠᠨ ᠴᠢᠨᠠᠵᠤ ᠢᠳᠡᠪᠡᠯ ᠠᠭᠤᠰᠬᠢᠨ ᠬᠠᠯᠠᠭᠤᠨ᠎ᠢ ᠬᠦᠭᠡᠭᠡᠵᠤ ᠬᠠᠨᠢᠶᠠᠳᠤ᠎ᠳᠤ ᠲᠤᠰᠠᠳᠠᠢ᠃
〈4) ᠴᠢᠪᠠᠭ᠎ᠠ᠂ ᠯᠤᠤ ᠵᠢᠨ ᠨᠢᠳᠤ᠂ ᠤᠯᠠᠭ᠋ᠠᠨ ᠰᠢᠬᠡᠷ᠂ ᠦᠨᠳᠡᠭᠡ᠎ᠲᠠᠢ ᠴᠤᠭ ᠴᠢᠨᠠᠵᠤ ᠢᠳᠡᠪᠡᠯ ᠦᠩᠬᠡ ᠵᠢᠰᠤ ᠵᠢ ᠭᠤᠶᠤᠵᠢᠭᠤᠯᠬᠤ ᠦᠢ᠍ᠯᠡᠳᠤᠯ᠎ᠲᠠᠢ᠃
〈5) ᠴᠢᠪᠠᠭ᠎ᠠ ᠵᠢ ᠠᠷᠢᠬᠢᠨ᠎ᠳᠤ ᠲᠡᠪᠳᠤᠭᠡᠵᠤ ᠵᠤᠬᠢᠮᠵᠢᠳᠠᠢ ᠤᠤᠭᠤᠵᠤ᠎ᠨᠢ ᠴᠢᠰᠤᠨ ᠡᠷᠭᠢᠯᠳᠡ ᠵᠢ ᠰᠠᠶ᠋ᠢᠵᠢᠷᠠᠭᠤᠯᠵᠤ᠂ ᠬᠤᠳᠤᠭᠤᠳᠤ ᠬᠡᠲᠡᠰᠤ ᠵᠢ ᠭᠠᠮᠨᠠᠵᠤ ᠬᠠᠮᠠᠭ᠋ᠠᠯᠠᠬᠤ ᠦᠢ᠍ᠯᠡᠳᠦᠯ᠎ᠲᠠᠢ ᠪᠠᠶ᠋ᠢᠳᠠᠭ᠃