ᠳᠤᠮᠳᠠ ᠵᠡᠷᠭᠡ ᠵᠢᠨ ᠶᠡᠭᠡ ᠪᠠᠭᠠᠲᠠᠢ ᠰᠢᠷ᠎ᠠ ᠯᠤᠤᠪᠠᠩ (61 ᠭ᠋ᠷᠡᠮ)
ᠺᠠᠯᠤᠷᠢ᠄ 25
ᠥᠭᠡᠬᠦ᠄ 0g
ᠨᠠᠲᠷᠢ᠄ 42 ᠮᠢᠯᠢᠭᠷᠡᠮ
ᠨᠡᠭᠦᠷᠡᠰᠦ ᠤᠰᠤᠨ᠎ᠤ ᠨᠢᠭᠡᠳᠪᠦᠷᠢ᠄ 6g
ᠰᠢᠷᠬᠡᠭ᠄ 1.5g
ᠰᠢᠬᠢᠷ᠄ 2.9g
ᠤᠭᠤᠷᠠᠭ᠄ 0.5g
ᠸᠢᠲ᠋ᠠᠮᠢᠨ A᠄ 509mcg
ᠸᠢᠲ᠋ᠠᠮᠢᠨ K:8 ᠮᠢᠺᠷᠥᠭᠷᠠᠮ
ᠨᠡᠭᠦᠷᠡᠰᠦ ᠤᠰᠤᠨ᠎ᠤ ᠨᠢᠭᠡᠳᠪᠦᠷᠢ 128 ᠭ᠋ᠷᠡᠮ
ᠬᠡᠷᠴᠢᠭᠰᠡᠨ ᠲᠦᠭᠦᠬᠡᠢ ᠰᠢᠷ᠎ᠠ ᠯᠤᠤᠪᠠᠩ᠎ᠳᠤ 12.3 ᠭ᠋ᠷᠡᠮ ᠨᠡᠭᠦᠷᠡᠰᠦ ᠤᠰᠤᠨ᠎ᠤ ᠨᠢᠭᠡᠳᠪᠦᠷᠢ᠂ 3. 6 ᠭ᠋ᠷᠡᠮ ᠰᠢᠷᠬᠡᠭ ᠪᠠ 6.1 ᠭ᠋ᠷᠡᠮ ᠪᠠᠶ᠋ᠢᠭ᠋ᠠᠯᠢ ᠵᠢᠨ ᠰᠢᠬᠢᠷ ᠠᠭᠤᠯᠤᠭᠳᠠᠵᠤ ᠪᠠᠶ᠋ᠢᠳᠠᠭ᠃ 1 ᠰᠢᠷ᠎ᠠ ᠯᠤᠤᠪᠠᠩᠢ ᠴᠢᠨᠠᠬᠤ᠎ᠳᠤ ᠴᠢᠰᠤᠨ ᠰᠢᠬᠢᠷ᠎ᠤᠨ ᠵᠢᠭ᠋ᠠᠯᠲᠠ ᠲᠤᠭ᠎ᠠ ᠮᠠᠰᠢ ᠳᠣᠣᠷ᠎ᠠ᠂ 35᠎ᠠᠴᠠ 43.2 ᠬᠦᠷᠲᠡᠯ᠎ᠡ ᠠᠳᠠᠯᠢ ᠦᠭᠡᠢ
ᠥᠭᠡᠬᠦ
ᠰᠢᠷ᠎ᠠ ᠯᠤᠤᠪᠠᠩ᠎ᠤᠨ ᠥᠭᠡᠬᠦ ᠵᠢᠨ ᠠᠭᠤᠯᠤᠭᠳᠠᠴᠠ ᠬᠠᠮᠤᠭ ᠪᠠᠭ᠎ᠠ (ᠨᠢᠭᠡ ᠳᠤᠮᠳᠠ ᠵᠡᠷᠭᠡ ᠵᠢᠨ ᠰᠢᠷ᠎ᠠ ᠯᠤᠤᠪᠠᠩ ᠪᠠᠷᠤᠭ 0 ᠭ᠋ᠷᠡᠮ᠂ 128 ᠭ᠋ᠷᠡᠮ ᠬᠡᠷᠴᠢᠭᠰᠡᠨ ᠰᠢᠷ᠎ᠠ ᠯᠤᠤᠪᠠᠩ ᠵᠥᠪᠬᠡᠨ 0.3 ᠭ᠋ᠷᠡᠮ)᠂ ᠡᠭᠦᠨ᠎ᠤ ᠳᠣᠲᠣᠷᠠᠬᠢ ᠣᠯᠠᠩᠬᠢ ᠨᠢ ᠪᠦᠷ ᠬᠠᠨᠤᠮᠠᠯ ᠪᠤᠰᠤ ᠪᠠᠶ᠋ᠢᠳᠠᠭ᠃
ᠤᠭᠤᠷᠠᠭ
ᠰᠢᠷ᠎ᠠ ᠯᠤᠤᠪᠠᠩ᠎ᠤᠨ ᠤᠭᠤᠷᠠᠭ᠎ᠤᠨ ᠠᠭᠤᠯᠤᠭᠳᠠᠴᠠ ᠣᠨᠴᠠᠭ᠋ᠠᠶ ᠥᠨᠳᠥᠷ ᠪᠢᠰᠢ᠃ 128 ᠭ᠋ᠷᠡᠮ ᠰᠢᠷ᠎ᠠ ᠯᠤᠤᠪᠠᠩ ᠵᠥᠪᠬᠡᠨ 1.2 ᠭ᠋ᠷᠡᠮ ᠤᠭᠤᠷᠠᠭ ᠠᠭᠤᠯᠤᠭᠳᠠᠳᠠᠭ᠃
ᠸᠢᠲ᠋ᠠᠮᠢᠨ ᠪᠣᠯᠣᠨ ᠡᠷᠦᠳᠡᠰᠦ ᠪᠣᠳᠠᠰ
ᠰᠢᠷ᠎ᠠ ᠯᠤᠤᠪᠠᠩ ᠪᠣᠯ ᠸᠢᠲ᠋ᠠᠮᠢᠨ A ᠵᠢᠨ ᠬᠠᠮᠤᠭ᠎ᠤᠨ ᠰᠠᠶ᠋ᠢᠨ ᠢᠷᠡᠯᠲᠡ ᠪᠣᠯᠬᠤ ᠶᠤᠮ᠂ ᠣᠨᠴᠠᠭ᠋ᠠᠶ᠋ᠢᠯᠠᠨ β ᠰᠢᠷ᠎ᠠ ᠯᠤᠤᠪᠠᠩ᠎ᠤᠨ ᠡᠳ᠋ ᠪᠣᠯ ᠲᠡᠭᠦᠨ᠎ᠤ ᠤᠯᠠᠪᠤᠷ ᠥᠩᠭᠡ ᠵᠢᠨ ᠰᠢᠯᠲᠠᠭ᠋ᠠᠨ ᠪᠣᠯᠣᠨ᠎ᠠ᠃ ᠰᠢᠷ᠎ᠠ ᠯᠤᠤᠪᠠᠩ᠎ᠳᠤ ᠪᠠᠰᠠ ᠺᠠᠯᠢ᠂ ᠺᠠᠯᠼ᠂ ᠮᠠᠭᠨᠢ᠂ ᠹᠣᠰᠹᠣᠷ᠂ ᠨᠠᠪᠴᠢᠨ ᠬᠦᠴᠢᠯ᠂ ᠸᠢᠲ᠋ᠠᠮᠢᠨ E ᠪᠣᠯᠣᠨ ᠸᠢᠲ᠋ᠠᠮᠢᠨ K᠎ᠢ ᠬᠠᠩᠭ᠋ᠠᠳᠠᠭ᠃
ᠺᠠᠯᠤᠷᠢ
61 ᠭ᠋ᠷᠡᠮ ᠰᠢᠷ᠎ᠠ ᠯᠣᠣᠪᠠᠩ᠎ᠨᠢ 25 ᠺᠠᠯᠤᠷᠢ ᠢᠯᠴᠢ ᠵᠢᠨ ᠬᠡᠮᠵᠢᠶ᠎ᠡ ᠵᠢ ᠬᠠᠩᠭ᠋ᠠᠳᠠᠭ᠂ ᠡᠭᠦᠨ᠎ᠳᠤ 86%᠎ᠨᠢ ᠨᠡᠭᠦᠷᠡᠰᠦ ᠤᠰᠤᠨ᠎ᠤ ᠨᠢᠭᠡᠳᠪᠦᠷᠢ᠎ᠠᠴᠠ ᠢᠷᠡᠳᠡᠭ᠂ 9%᠎ᠨᠢ ᠤᠭᠤᠷᠠᠭ᠎ᠠᠴᠠ ᠢᠷᠡᠳᠡᠭ᠂ 5%᠎ᠨᠢ ᠥᠭᠡᠬᠦ᠎ᠠᠴᠠ ᠢᠷᠡᠳᠡᠭ᠃
ᠬᠤᠷᠢᠶᠠᠩᠭᠤᠶ᠋ᠢᠯᠠᠪᠠᠯ ᠰᠢᠷ᠎ᠠ ᠯᠤᠤᠪᠠᠩ ᠪᠣᠯ ᠨᠡᠭᠦᠷᠡᠰᠦ ᠤᠰᠤᠨ᠎ᠤ ᠨᠢᠭᠡᠳᠪᠦᠷᠢ ᠪᠣᠯᠣᠨ ᠰᠢᠷᠬᠡᠭᠯᠢᠭ᠎ᠤᠨ ᠡᠷᠡᠭᠦᠯ ᠮᠡᠨᠳᠦ ᠵᠢᠨ ᠢᠷᠡᠯᠲᠡ ᠮᠥᠨ᠂ ᠡᠭᠦᠨ᠎ᠤ ᠬᠠᠮᠲᠤ ᠥᠭᠡᠬᠦ᠂ ᠤᠭᠤᠷᠠᠭ ᠪᠣᠯᠣᠨ ᠨᠠᠳ᠋ᠷᠢ ᠵᠢᠨ ᠠᠭᠤᠯᠤᠭᠳᠠᠴᠠ ᠳᠣᠣᠷ᠎ᠠ ᠪᠠᠶ᠋ᠢᠳᠠᠭ᠃ ᠰᠢᠷ᠎ᠠ ᠯᠤᠤᠪᠠᠩ᠎ᠳᠤ ᠸᠢᠲ᠋ᠠᠮᠢᠨ A ᠡᠯᠪᠡᠭ ᠠᠭᠤᠯᠤᠭᠳᠠᠬᠤ ᠵᠢᠨ ᠬᠠᠮᠲᠤ ᠶᠡᠭᠡ ᠬᠡᠮᠵᠢᠶᠡᠨ᠎ᠤ ᠪᠤᠰᠤᠳ ᠰᠢᠮ᠎ᠡ ᠲᠡᠵᠢᠭᠡᠯ᠎ᠤᠨ ᠡᠳ᠋ ᠠᠭᠤᠯᠤᠭᠳᠠᠵᠤ ᠪᠠᠶ᠋ᠢᠳᠠᠭ᠂ ᠵᠢᠱ᠌ᠢᠶᠡᠯᠡᠪᠡᠯ ᠸᠢᠲ᠋ᠠᠮᠢᠨ K᠂ ᠺᠠᠯᠢ᠂ ᠺᠠᠯᠼ᠂ ᠮᠠᠭᠨᠢ ᠪᠠ ᠨᠠᠪᠴᠢᠨ᠎ᠤ ᠬᠦᠴᠢᠯ ᠵᠡᠷᠭᠡ᠃
ᠡᠷᠡᠭᠦᠯ ᠮᠡᠨᠳᠦ᠎ᠳᠤ ᠠᠰᠢᠭᠲᠠᠢ ᠲᠠᠯ᠎ᠠ
ᠰᠢᠷ᠎ᠠ ᠯᠤᠤᠪᠠᠩ᠎ᠤᠨ ᠡᠷᠡᠭᠦᠯ ᠮᠡᠨᠳᠦ᠎ᠳᠤ ᠦᠵᠡᠭᠦᠯᠬᠦ ᠢᠳᠡᠪᠬᠢᠲᠡᠢ ᠨᠥᠯᠥᠭᠡ᠎ᠨᠢ ᠭᠤᠣᠯᠳᠠᠭᠤ ᠲᠡᠭᠦᠨ᠎ᠤ ᠲᠥᠷᠥᠯ᠎ᠤᠨ ᠰᠢᠷ᠎ᠠ ᠯᠤᠤᠪᠠᠩ᠎ᠤᠨ ᠡᠳ᠋᠎ᠤᠨ ᠠᠭᠤᠯᠤᠭᠳᠠᠴᠠ (ᠸᠢᠲ᠋ᠠᠮᠢᠨ A)᠎ᠠᠴᠠ ᠪᠣᠯᠤᠭᠰᠠᠨ ᠶᠤᠮ᠃ ᠰᠢᠷ᠎ᠠ ᠯᠤᠤᠪᠠᠩ᠎ᠨᠢ ᠪᠠᠰᠠ ᠨᠡᠯᠢᠶᠡᠳ ᠬᠡᠮᠵᠢᠶᠡᠨ᠎ᠤ ᠰᠢᠷᠬᠡᠭᠯᠢᠭ᠎ᠢ ᠬᠠᠩᠭ᠋ᠠᠵᠤ᠂ ᠲᠡᠭᠦᠨ᠎ᠤ ᠥᠪᠡᠷ᠎ᠤᠨ ᠬᠢᠨᠢ ᠮᠠᠰᠢ ᠣᠯᠠᠨ ᠰᠠᠶ᠋ᠢᠨ ᠲᠠᠯ᠎ᠠ ᠵᠢ ᠬᠠᠩᠭ᠋ᠠᠵᠤ ᠪᠠᠶ᠋ᠢᠨ᠎ᠠ᠃
ᠵᠢᠷᠦᠬᠡ ᠴᠢᠰᠤᠨ ᠰᠤᠳᠠᠯ᠎ᠤᠨ ᠡᠷᠡᠭᠦᠯ ᠮᠡᠨᠳᠦ ᠵᠢ ᠳᠡᠮᠵᠢᠬᠦ
ᠰᠢᠷ᠎ᠠ ᠯᠤᠤᠪᠠᠩ᠎ᠳᠤ ᠬᠡᠳᠦᠨ ᠵᠦᠢ᠍ᠯ᠎ᠤᠨ ᠢᠰᠦᠯᠳᠦᠬᠦ ᠵᠢ ᠡᠰᠡᠷᠭᠦᠴᠡᠬᠦ ᠪᠠ ᠦᠷᠪᠢᠰᠦᠯ᠎ᠢ ᠡᠰᠡᠷᠭᠦᠴᠡᠬᠦ ᠦᠢ᠍ᠯᠡᠳᠦᠯ᠎ᠲᠠᠢ ᠤᠷᠭᠤᠮᠠᠯ᠎ᠤᠨ ᠬᠢᠮᠢ ᠵᠢᠨ ᠪᠣᠳᠠᠰ ᠠᠭᠤᠯᠵᠤ᠂ ᠵᠢᠷᠦᠬᠡᠨ ᠡᠪᠡᠳᠴᠢᠨ᠎ᠳᠤ ᠨᠡᠷᠪᠡᠭᠳᠡᠬᠦ ᠲᠦᠭᠰᠢᠭᠦᠷᠢ ᠵᠢ ᠪᠠᠭ᠋ᠠᠰᠬᠠᠬᠤ᠎ᠳᠤ ᠲᠤᠰᠠᠲᠠᠢ᠃ ᠰᠢᠷ᠎ᠠ ᠯᠤᠤᠪᠠᠩ᠎ᠤᠨ ᠳᠣᠲᠣᠷᠠᠬᠢ ᠣᠯᠠᠨᠴᠢ ᠹᠧᠨᠤᠯ᠎ᠨᠢ ᠰᠥᠰᠥᠨ᠎ᠤ ᠰᠢᠩᠭᠡᠨ᠎ᠤ ᠰᠢᠭᠦᠷᠡᠯᠲᠡ ᠵᠢ ᠨᠡᠮᠡᠭᠳᠡᠭᠦᠯᠬᠦ ᠵᠢᠨ ᠤᠯᠠᠮ᠎ᠠᠴᠠ ᠰᠥᠰᠥᠨ᠎ᠤ ᠴᠢᠯᠠᠭᠤᠯᠢᠭ ᠠᠯᠺᠣᠣᠯ ᠪᠣᠯᠣᠨ ᠭᠯᠢᠽᠥᠷᠢᠨᠲᠦ ᠭᠤᠷᠪᠠᠴᠢ ᠡᠰᠲ᠋ᠥᠷᠤᠨ ᠬᠡᠮᠵᠢᠶ᠎ᠡ ᠵᠢ ᠪᠠᠭᠤᠷᠠᠭᠤᠯᠬᠤ ᠵᠢ ᠨᠢᠭᠡᠨᠲᠡ ᠭᠡᠷᠡᠴᠢᠯᠡᠭᠰᠡᠨ ᠪᠠᠶ᠋ᠢᠨ᠎ᠠ᠃ ᠰᠢᠷ᠎ᠠ ᠯᠤᠤᠪᠠᠩ᠎ᠤᠨ ᠳᠣᠲᠣᠷᠠᠬᠢ ᠰᠢᠷᠬᠡᠭ᠎ᠨᠢ ᠪᠠᠰᠠ ᠰᠥᠰᠥᠨ᠎ᠤ ᠭᠤᠨᠠᠨ ᠠᠯᠺᠣᠣᠯ᠎ᠢ ᠪᠠᠭᠤᠷᠠᠭᠤᠯᠬᠤ᠎ᠳᠤ ᠲᠤᠰᠠᠲᠠᠢ᠃ ᠡᠭᠦᠨ᠎ᠠᠴᠠ ᠭᠠᠳᠠᠨ᠎ᠠ᠂ 9% ᠵᠢᠨ ᠺᠠᠯᠢ ᠠᠭᠤᠯᠤᠭᠳᠠᠳᠠᠭ᠃ ᠺᠠᠯᠢ᠎ᠨᠢ ᠴᠢᠰᠤᠨ ᠳᠠᠷᠤᠯᠲᠠ ᠵᠢᠨ ᠬᠡᠮᠵᠢᠶ᠎ᠡ ᠵᠢ ᠳᠣᠷᠣᠭᠰᠢᠯᠠᠭᠤᠯᠤᠨ᠎ᠠ᠃
ᠬᠠᠷᠠᠭ᠎ᠠ ᠬᠠᠮᠠᠭ᠋ᠠᠯᠠᠬᠤ
ᠰᠢᠷ᠎ᠠ ᠯᠤᠤᠪᠠᠩ ᠪᠣᠯ ᠸᠢᠲ᠋ᠠᠮᠢᠨ A ᠵᠢᠨ ᠬᠠᠮᠤᠭ᠎ᠤᠨ ᠰᠠᠶ᠋ᠢᠨ ᠢᠷᠡᠯᠲᠡ ᠮᠥᠨ᠂ ᠡᠭᠦᠨ᠎ᠳᠤ ᠰᠢᠷ᠎ᠠ ᠯᠤᠤᠪᠠᠩ᠎ᠤᠨ ᠡᠳ᠋᠎ᠤᠨ ᠨᠠᠪᠴᠢᠨ᠎ᠤ ᠰᠢᠷ᠎ᠠ ᠡᠳ᠋ ᠪᠠ ᠡᠷᠳᠡᠨᠢ ᠰᠢᠰᠢ ᠵᠢᠨ ᠰᠢᠷ᠎ᠠ ᠡᠳ᠋ ᠪᠠᠭᠲᠠᠨ᠎ᠠ᠃ ᠡᠳᠡᠭᠡᠷ ᠨᠢᠭᠡᠳᠪᠦᠷᠢ᠎ᠨᠢ ᠶᠡᠷᠦ᠎ᠳᠡᠭᠡᠨ ᠨᠢᠳᠦᠨ᠎ᠤ ᠲᠣᠣᠷᠯᠢᠭ ᠪᠦᠷᠬᠦᠪᠴᠢ᠎ᠳᠤ ᠪᠥᠭᠡᠮᠨᠡᠷᠡᠳᠡᠭ ᠤᠴᠢᠷ᠎ᠠᠴᠠ ᠨᠠᠰᠤ ᠵᠢᠯ᠎ᠲᠠᠢ ᠬᠤᠯᠪᠣᠭᠳᠠᠬᠤ ᠰᠢᠷ᠎ᠠ ᠲᠣᠯᠪᠤ ᠵᠢᠨ ᠴᠢᠨᠠᠷ ᠬᠤᠪᠢᠷᠠᠬᠤ ᠵᠢ ᠰᠡᠷᠭᠡᠶ᠋ᠢᠯᠡᠬᠦ᠎ᠳᠤ ᠣᠨᠴᠠ ᠲᠤᠰᠠᠲᠠᠢ ᠪᠠᠶ᠋ᠢᠳᠠᠭ᠃ ᠰᠢᠷ᠎ᠠ ᠯᠤᠤᠪᠠᠩ ᠪᠠ ᠪᠤᠰᠤᠳ ᠤᠯᠠᠪᠤᠷ ᠥᠩᠭᠡᠲᠡᠢ ᠨᠣᠭᠤᠭ᠎ᠠ ᠵᠢ ᠦᠷᠭᠦᠯᠵᠢ ᠢᠳᠡᠬᠦ᠎ᠨᠢ ᠨᠢᠳᠦᠨ᠎ᠤ ᠬᠥᠭᠰᠢᠷᠡᠯ ᠪᠠ ᠣᠷᠴᠢᠨ ᠲᠣᠭᠤᠷᠢᠨ᠎ᠤ ᠡᠪᠳᠡᠯᠡᠭᠡ᠎ᠳᠤ ᠨᠥᠯᠥᠭᠡᠯᠡᠭᠳᠡᠬᠦ ᠵᠢ ᠰᠡᠷᠭᠡᠶ᠋ᠢᠯᠡᠬᠦ ᠰᠠᠶ᠋ᠢᠨ ᠠᠷᠭ᠎ᠠ ᠪᠣᠯᠣᠨ᠎ᠠ᠃
ᠰᠢᠳᠦᠨᠤ ᠡᠷᠡᠭᠦᠯ ᠴᠢᠭᠢᠷᠠᠭ᠎ᠢ ᠰᠠᠶ᠋ᠢᠵᠢᠷᠠᠭᠤᠯᠬᠤ
ᠰᠤᠳᠤᠯᠭ᠋ᠠᠨ᠎ᠠᠴᠠ ᠦᠵᠡᠪᠡᠯ᠂ ᠰᠢᠷ᠎ᠠ ᠯᠤᠤᠪᠠᠩ ᠪᠣᠯᠣᠨ ᠪᠤᠰᠤᠳ ᠢᠳᠡᠰᠢᠨ ᠨᠣᠭᠤᠭ᠎ᠠ (ᠳᠠᠪᠤᠰᠤᠯᠠᠭᠰᠠᠨ ᠨᠣᠭᠤᠭ᠋ᠠᠨ ᠨᠠᠪᠴᠢᠲᠤ ᠢᠳᠡᠰᠢᠨ ᠨᠣᠭᠤᠭ᠎ᠠ᠂ ᠲᠦᠭᠦᠬᠡᠢ ᠨᠣᠭᠤᠭ᠎ᠠ / ᠪᠥᠭᠡᠷᠡᠩᠬᠡᠢ ᠴᠠᠭ᠋ᠠᠨ ᠨᠣᠭᠤᠭ᠎ᠠ᠂ ᠨᠣᠭᠤᠭ᠋ᠠᠨ ᠨᠠᠪᠴᠢᠲᠤ ᠢᠳᠡᠰᠢᠨ ᠨᠣᠭᠤᠭ᠎ᠠ᠂ ᠯᠠᠩᠭᠤᠸᠠ ᠪᠣᠯᠣᠨ ᠴᠠᠭ᠋ᠠᠨ ᠨᠣᠭᠤᠭ᠎ᠠ)᠎ᠪᠠᠷ ᠳᠡᠮᠵᠢᠨ ᠰᠢᠩᠭᠡᠭᠡᠵᠦ ᠠᠪᠤᠭᠰᠠᠨ β ᠰᠢᠷ᠎ᠠ ᠯᠤᠤᠪᠠᠩ᠎ᠤᠨ ᠡᠳ᠋᠎ᠨᠢ ᠨᠡᠯᠢᠶᠡᠳ ᠥᠨᠳᠥᠷ ᠪᠠᠶ᠋ᠢᠳᠠᠭ᠃ ᠰᠢᠳᠦ ᠵᠢ ᠬᠠᠮᠠᠭ᠋ᠠᠯᠠᠬᠤ ᠦᠢ᠍ᠯᠡᠳᠦᠯ᠎ᠲᠠᠢ᠃
ᠲᠠᠨᠢᠨ ᠮᠡᠳᠡᠬᠦᠢ ᠵᠢᠨ ᠮᠠᠭᠤᠳᠠᠯ᠎ᠢ ᠰᠡᠷᠭᠡᠶ᠋ᠢᠯᠡᠬᠦ
ᠰᠢᠷ᠎ᠠ ᠯᠤᠤᠪᠠᠩ ᠪᠣᠯᠣᠨ ᠪᠤᠰᠤᠳ ᠰᠢᠮ᠎ᠡ ᠲᠡᠵᠢᠭᠡᠯ ᠡᠯᠪᠡᠭ ᠢᠳᠡᠰᠢᠨ ᠨᠣᠭᠤᠭ᠎ᠠ ᠵᠢ ᠰᠢᠩᠭᠡᠬᠡᠨ ᠠᠪᠬᠤ ᠬᠡᠮᠵᠢᠶ᠎ᠡ ᠨᠡᠮᠡᠭᠳᠡᠪᠡᠯ ᠮᠡᠨᠡᠭ ᠡᠪᠡᠳᠴᠢᠨ᠎ᠳᠤ ᠨᠡᠷᠪᠡᠭᠳᠡᠬᠦ ᠠᠶᠤᠯ᠎ᠢ ᠪᠠᠭ᠋ᠠᠰᠬᠠᠵᠤ ᠪᠣᠯᠳᠠᠭ᠃
ᠥᠮᠡᠨ ᠡᠪᠡᠳᠴᠢᠨ᠎ᠳᠤ ᠨᠡᠷᠪᠡᠭᠳᠡᠬᠦ ᠲᠦᠭᠰᠢᠭᠦᠷᠢ ᠵᠢ ᠪᠠᠭ᠋ᠠᠰᠬᠠᠬᠤ
ᠰᠢᠷ᠎ᠠ ᠯᠤᠤᠪᠠᠩ᠎ᠤᠨ ᠳᠣᠲᠣᠷᠠᠬᠢ ᠸᠢᠲ᠋ᠠᠮᠢᠨ A᠎ᠨᠢ DNA ᠵᠢ ᠥᠮᠡᠨ ᠡᠪᠡᠳᠴᠢᠨ᠎ᠤ ᠢᠰᠦᠯᠳᠦᠨ ᠭᠡᠮᠲᠦᠬᠦ᠎ᠠᠴᠠ ᠰᠡᠷᠭᠡᠶ᠋ᠢᠯᠡᠵᠦ ᠴᠢᠳᠠᠨ᠎ᠠ᠃ ᠰᠢᠷ᠎ᠠ ᠯᠤᠤᠪᠠᠩ᠎ᠳᠤ ᠰᠢᠷ᠎ᠠ᠂ ᠤᠯᠠᠪᠤᠷ᠂ ᠤᠯᠠᠭ᠋ᠠᠨ᠂ ᠪᠣᠷᠣ ᠵᠡᠷᠭᠡ ᠣᠯᠠᠨ ᠵᠦᠢ᠍ᠯ᠎ᠤᠨ ᠥᠩᠭᠡ ᠪᠠᠶ᠋ᠢᠳᠠᠭ᠂ ᠥᠩᠭᠡ ᠪᠦᠷᠢ᠎ᠳᠤ ᠴᠥᠮ ᠠᠳᠠᠯᠢ ᠪᠤᠰᠤ ᠬᠢᠷᠢ ᠲᠦᠪᠰᠢᠨ ᠪᠠ ᠲᠥᠷᠥᠯ ᠬᠡᠯᠪᠡᠷᠢ ᠵᠢᠨ ᠢᠰᠦᠯᠳᠦᠬᠦ ᠵᠢ ᠡᠰᠡᠷᠭᠦᠴᠡᠬᠦ ᠡᠳ᠋ ᠠᠭᠤᠯᠵᠤ ᠪᠠᠶ᠋ᠢᠳᠠᠭ᠃ ᠤᠯᠠᠪᠤᠷ ᠰᠢᠷ᠎ᠠ ᠯᠤᠤᠪᠠᠩ᠎ᠳᠤ β ᠰᠢᠷ᠎ᠠ ᠯᠤᠤᠪᠠᠩ᠎ᠤᠨ ᠡᠳ᠋ ᠡᠯᠪᠡᠭ ᠠᠭᠤᠯᠤᠭᠳᠠᠵᠤ᠂ ᠰᠢᠷ᠎ᠠ ᠯᠤᠤᠪᠠᠩ᠎ᠳᠤ ᠨᠠᠪᠴᠢᠨ᠎ᠤ ᠰᠢᠷ᠎ᠠ ᠡᠳ᠋ ᠡᠯᠪᠡᠭ ᠠᠭᠤᠯᠤᠭᠳᠠᠵᠤ᠂ ᠤᠯᠠᠭ᠋ᠠᠨ ᠰᠢᠷ᠎ᠠ ᠯᠤᠤᠪᠠᠩ᠎ᠳᠤ ᠲᠥᠪᠡᠳ ᠬᠠᠰᠢ ᠵᠢᠨ ᠤᠯᠠᠭ᠋ᠠᠨ ᠡᠳ᠋ ᠡᠯᠪᠡᠭ ᠠᠭᠤᠯᠤᠭᠳᠠᠵᠤ᠂ ᠪᠣᠷᠣ ᠰᠢᠷ᠎ᠠ ᠯᠤᠤᠪᠠᠩ᠎ᠳᠤ ᠴᠡᠴᠡᠭ᠎ᠤᠨ ᠬᠥᠬᠡ ᠡᠳ᠋ ᠡᠯᠪᠡᠭ ᠠᠭᠤᠯᠤᠭᠳᠠᠵᠤ ᠪᠠᠶ᠋ᠢᠳᠠᠭ᠃ ᠪᠣᠷᠣ ᠥᠩᠭᠡᠲᠡᠢ ᠰᠢᠷ᠎ᠠ ᠯᠤᠤᠪᠠᠩ᠎ᠠᠴᠠ ᠭᠠᠷᠭ᠋ᠠᠵᠤ ᠠᠪᠤᠭᠰᠠᠨ ᠪᠣᠳᠠᠰ᠎ᠨᠢ ᠬᠤᠲᠣᠷᠢᠩᠬᠠᠢ ᠭᠡᠳᠡᠰᠦᠨ᠎ᠤ ᠡᠰᠢ 20%᠎ᠠᠴᠠ ᠳᠡᠭᠡᠭᠰᠢ ᠢᠰᠦᠯᠳᠦᠬᠦ ᠴᠢᠨᠠᠷᠲᠠᠢ DNA ᠵᠢᠨ ᠭᠡᠮᠲᠦᠯ᠎ᠠᠴᠠ ᠬᠠᠮᠠᠭ᠋ᠠᠯᠠᠵᠤ ᠴᠢᠳᠠᠨ᠎ᠠ ᠭᠡᠳᠡᠭ᠎ᠢ ᠨᠢᠭᠡᠨᠲᠡ ᠭᠡᠷᠡᠴᠢᠯᠡᠭᠰᠡᠨ ᠪᠠᠶ᠋ᠢᠨ᠎ᠠ᠃ 3 ᠠᠳᠠᠯᠢ ᠪᠤᠰᠤ ᠥᠩᠭᠡ ᠵᠢᠨ ᠰᠢᠷ᠎ᠠ ᠯᠤᠤᠪᠠᠩ᠎ᠤᠨ ᠳᠣᠲᠣᠷᠠᠬᠢ ᠢᠰᠦᠯᠳᠦᠬᠦ ᠵᠢ ᠡᠰᠡᠷᠭᠦᠴᠡᠬᠦ ᠡᠳ᠋᠎ᠨᠢ ᠪᠥᠬᠦ ᠪᠡᠶ᠎ᠡ᠎ᠳᠤ ᠦᠢ᠍ᠯᠡᠳᠦᠯ ᠦᠵᠡᠭᠦᠯᠵᠦ᠂ ᠥᠮᠡᠨ᠎ᠢ ᠰᠡᠷᠭᠡᠶ᠋ᠢᠯᠡᠬᠦ᠎ᠳᠤ ᠲᠤᠰᠠᠲᠠᠢ ᠪᠠᠶ᠋ᠢᠳᠠᠭ᠃
ᠬᠠᠷᠰᠢᠯ
ᠬᠡᠷᠪᠡ ᠲᠠ ᠴᠠᠭ᠋ᠠᠨ ᠬᠤᠰᠤ ᠮᠣᠳᠣᠨ᠎ᠤ ᠴᠡᠴᠡᠭ᠎ᠤᠨ ᠲᠣᠭᠤᠰᠣ᠎ᠳᠤ ᠬᠠᠷᠰᠢᠪᠠᠯ ᠰᠢᠷ᠎ᠠ ᠯᠤᠤᠪᠠᠩ᠎ᠠᠴᠠ ᠡᠭᠦᠰᠦᠭᠰᠡᠨ ᠰᠣᠯᠪᠢᠴᠠᠯ᠎ᠤᠨ ᠤᠷᠪᠠᠯᠳᠤ ᠤᠴᠠᠷᠠᠵᠤ ᠮᠡᠳᠡᠨ᠎ᠡ᠂ ᠡᠭᠦᠨ᠎ᠢ ᠠᠮᠠᠨ ᠬᠥᠨᠳᠡᠢ ᠵᠢᠨ ᠬᠠᠷᠰᠢᠮᠠᠲᠠᠭ᠋ᠠᠢ ᠬᠤᠷᠠᠮᠠᠯ ᠭᠡᠮ ᠭᠡᠨ᠎ᠡ᠃ ᠡᠪᠡᠳᠴᠢᠨ᠎ᠤ ᠢᠯᠡᠷᠡᠯ᠎ᠨᠢ ᠬᠦᠷᠦᠯᠴᠡᠭᠰᠡᠨᠤ ᠳᠠᠷᠠᠭ᠎ᠠ ᠳᠣᠣᠷ᠎ᠠ᠎ᠪᠠᠨ ᠪᠤᠶᠤ ᠨᠢᠭᠡ ᠴᠠᠭ᠎ᠤᠨ ᠳᠣᠲᠣᠷ᠎ᠠ ᠢᠯᠡᠷᠡᠬᠦ ᠮᠠᠭ᠋ᠠᠳ᠃ ᠬᠡᠷᠪᠡ ᠲᠠ ᠰᠢᠷ᠎ᠠ ᠯᠤᠤᠪᠠᠩ᠎ᠳᠤ ᠬᠠᠷᠰᠢᠬᠤ ᠪᠤᠶᠤ ᠠᠮᠠᠨ ᠬᠥᠨᠳᠡᠢ᠎ᠳᠤ ᠬᠠᠷᠰᠢᠬᠤ ᠨᠡᠶ᠋ᠢᠯᠡᠭ ᠬᠡᠮ ᠭᠡᠵᠦ ᠰᠡᠵᠢᠭᠯᠡᠵᠦ ᠪᠠᠶ᠋ᠢᠪᠠᠯ᠂ ᠬᠠᠷᠰᠢᠮᠠᠲᠠᠭ᠋ᠠᠢ ᠡᠪᠡᠳᠴᠢᠨ᠎ᠤ ᠲᠤᠰᠬᠠᠢ ᠰᠠᠯᠠᠭ᠋ᠠᠨ᠎ᠤ ᠡᠮᠴᠢ᠎ᠠᠴᠠ ᠠᠰᠠᠭᠤᠨ ᠯᠠᠪᠯᠠᠭ᠋ᠠᠷᠠᠢ᠃
ᠠᠰᠢᠭ ᠦᠭᠡᠢ ᠨᠥᠯᠥᠭᠡ
ᠰᠢᠷ᠎ᠠ ᠯᠤᠤᠪᠠᠩ᠎ᠨᠢ ᠠᠶᠤᠯ ᠲᠦᠭᠰᠢᠭᠦᠷᠢ ᠵᠢᠨ ᠭᠠᠵᠢᠭᠤ ᠦᠢ᠍ᠯᠡᠳᠦᠯ᠎ᠢ ᠡᠭᠦᠰᠬᠡᠬᠦ ᠦᠭᠡᠢ᠂ ᠭᠡᠪᠡᠴᠦ ᠲᠠ ᠬᠡᠷᠪᠡ ᠶᠡᠭᠡ ᠬᠡᠮᠵᠢᠶᠡᠨ᠎ᠤ ᠰᠢᠷ᠎ᠠ ᠯᠤᠤᠪᠠᠩ (ᠡᠰᠡᠬᠦᠯ᠎ᠡ ᠪᠤᠰᠤᠳ β ᠰᠢᠷ᠎ᠠ ᠯᠤᠤᠪᠠᠩ᠎ᠤᠨ ᠡᠳ᠋ ᠡᠯᠪᠡᠭ ᠠᠭᠤᠯᠤᠭᠰᠠᠨ ᠢᠳᠡᠭᠡᠨ) ᠢ ᠢᠳᠡᠪᠡᠯ ᠳᠠᠷᠤᠢ ᠨᠢᠭᠡ ᠵᠦᠢ᠍ᠯ᠎ᠤᠨ ᠰᠢᠷ᠎ᠠ ᠯᠤᠤᠪᠠᠩ᠎ᠤᠨ ᠡᠳ᠋᠎ᠤᠨ ᠴᠢᠰᠤᠨ ᠭᠡᠮ ᠭᠡᠳᠡᠭ ᠬᠤᠣᠷ ᠦᠭᠡᠢ ᠡᠪᠡᠳᠴᠢᠨ᠎ᠳᠤ ᠨᠡᠷᠪᠡᠭᠳᠡᠬᠦ ᠪᠣᠯᠣᠯᠴᠠᠭ᠎ᠠ᠎ᠲᠠᠢ᠃ ᠵᠷᠠ ᠯᠤᠤᠪᠠᠩ᠎ᠤᠨ ᠡᠳ᠋᠎ᠤᠨ ᠴᠢᠰᠤᠨ ᠭᠡᠮ ᠪᠣᠯ ᠨᠢᠭᠡ ᠵᠦᠢ᠍ᠯ᠎ᠤᠨ ᠠᠷᠠᠰᠤ ᠰᠢᠷᠠᠯᠠᠬᠤ ᠪᠥᠭᠡᠳ ᠲᠡᠷᠡ᠎ᠨᠢ ᠶᠡᠷᠦ᠎ᠳᠡᠭᠡᠨ β — ᠰᠢᠷ᠎ᠠ ᠯᠤᠤᠪᠠᠩ᠎ᠤᠨ ᠡᠳ᠋᠎ᠤᠨ ᠬᠤᠷᠣᠭᠳᠠᠯ᠎ᠢ ᠪᠠᠭ᠋ᠠᠰᠬᠠᠭᠰᠠᠨᠤ ᠳᠠᠷᠠᠭ᠎ᠠ ᠡᠷᠡᠭᠦᠯᠰᠢᠨᠡ᠃
ᠰᠢᠷ᠎ᠠ ᠯᠤᠤᠪᠠᠩ᠎ᠤᠨ ᠴᠢᠨᠠᠷ᠎ᠢ ᠪᠠᠲᠤᠯᠠᠬᠤ ᠬᠤᠭᠤᠴᠠᠭ᠎ᠠ ᠤᠷᠲᠤ ᠪᠣᠯᠬᠤᠷ ᠲᠠ ᠨᠢᠭᠡ ᠵᠢᠯ᠎ᠤᠨ ᠳᠣᠲᠣᠷᠠᠬᠢ ᠠᠯᠢ ᠴᠤ᠌ ᠦᠶ᠎ᠡ᠎ᠳᠤ ᠲᠡᠭᠦᠨ᠎ᠢ ᠢᠳᠡᠵᠦ ᠪᠣᠯᠣᠨ᠎ᠠ᠃ ᠰᠢᠷ᠎ᠠ ᠯᠤᠤᠪᠠᠩᠢ ᠲᠣᠬᠢᠷᠠᠮᠵᠢᠲᠠᠢ ᠨᠥᠬᠦᠴᠡᠯ᠎ᠳᠤ 4᠎ᠠᠴᠠ 6 ᠰᠠᠷ᠎ᠠ ᠬᠠᠳᠠᠭ᠋ᠠᠯᠠᠵᠤ ᠲᠠᠶ᠋ᠢᠯᠤᠨ᠎ᠠ ᠊ᠨ ᠪᠤᠶᠤ ᠨᠢᠯᠴᠠᠭ᠋ᠠᠶ) ᠦᠭᠡᠢ ᠰᠢᠨ᠎ᠡ ᠰᠣᠷᠭᠤᠭ ᠰᠢᠷ᠎ᠠ ᠯᠤᠤᠪᠠᠩᠢ ᠡᠷᠢᠨ᠎ᠡ᠃
ᠬᠠᠳᠠᠭ᠋ᠠᠯᠠᠬᠤ ᠪᠠ ᠢᠳᠡᠭᠡᠨ᠎ᠤ ᠠᠮᠤᠷ ᠲᠦᠪᠰᠢᠨ
ᠰᠢᠷ᠎ᠠ ᠯᠤᠤᠪᠠᠩ᠎ᠤᠨ ᠨᠣᠭᠤᠭ᠋ᠠᠨ ᠬᠡᠰᠡᠭ᠎ᠢ᠎ᠨᠢ ᠬᠡᠷᠴᠢᠵᠦ ᠬᠠᠶᠠᠪᠠᠯ ᠬᠠᠳᠠᠭ᠋ᠠᠯᠠᠬᠤ ᠴᠠᠭ᠎ᠨᠢ ᠤᠷᠲᠤᠳᠠᠨ᠎ᠠ᠃ ᠰᠢᠷ᠎ᠠ ᠯᠤᠤᠪᠠᠩᠢ ᠢᠳᠡᠬᠦ ᠪᠤᠶᠤ ᠰᠢᠷ᠎ᠠ ᠯᠤᠤᠪᠠᠩᠢ ᠬᠡᠷᠴᠢᠬᠦ᠎ᠠᠴᠠ ᠡᠮᠦᠨ᠎ᠡ᠂ ᠢᠳᠡᠰᠢᠨ ᠨᠣᠭᠤᠭ᠎ᠠ ᠵᠢ ᠬᠦᠢ᠍ᠲᠡᠨ ᠤᠰᠤᠨ᠎ᠳᠤ ᠱᠤᠸᠠᠰᠠᠳᠠᠵᠤ ᠭᠠᠳᠠᠷ ᠲᠠᠯ᠎ᠠ ᠵᠢᠨ ᠠᠯᠢᠪᠠ ᠭ᠋ᠬᠢᠷ ᠪᠤᠷᠲᠠᠭ ᠪᠠ ᠪᠠᠺᠲ᠋ᠧᠷᠢ ᠵᠢ ᠠᠷᠴᠢᠵᠤ ᠠᠷᠢᠯᠭ᠋ᠠᠬᠤ᠎ᠨᠢ ᠴᠢᠬᠤᠯᠠ ᠪᠠᠶ᠋ᠢᠳᠠᠭ᠃ ᠬᠠᠯᠢᠰᠤ ᠵᠢ᠎ᠨᠢ ᠱᠠᠭ᠋ᠠᠯᠬᠤ ᠴᠢᠬᠤᠯᠠ ᠦᠭᠡᠢ᠃
ᠪᠡᠯᠡᠳᠬᠡᠭᠰᠡᠨ᠎ᠨᠢ᠄ ᠡᠷᠳᠡᠨᠢᠬᠦᠦ
ᠨᠠᠶ᠋ᠢᠷᠠᠭᠤᠯᠤᠭᠰᠠᠨ᠎ᠨᠢ᠄ ᠨᠠᠮᠤᠷ ᠬᠢᠨᠠᠭᠰᠠᠨ᠎ᠨᠢ᠄ ᠤᠷᠢᠬᠠᠨ