ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠰᠢᠬᠢᠷ ᠮᠠᠨᠵᠢᠨ᠎ᠢ ᠠᠷᠡᠴᠢᠯᠠᠬᠤ ᠮᠡᠷᠭᠡᠵᠢᠯ
ᠨᠡᠶ᠋ᠢᠲᠡᠯᠡᠭᠰᠡᠨ ᠴᠠᠭ᠄ 2022-09-06

      ᠰᠢᠬᠢᠷ ᠮᠠᠨᠵᠢᠨ ᠴᠢᠬᠢᠯᠡᠭᠰᠠᠨ᠎ᠤ ᠲᠠᠷᠠᠭ᠎ᠠ ᠡᠷᠳᠡ ᠰᠢᠭ ᠰᠢᠩᠭᠡᠯᠡᠵᠣ ᠴᠢᠬᠢ ᠰᠠᠭᠤᠷᠢᠰᠢᠭᠤᠯᠵᠤ᠂ ᠨᠢᠭ᠍ᠳᠡᠴᠠ ᠵᠢᠨ ᠬᠡᠮᠵᠢᠶ᠎ᠠ ᠵᠢ᠎ᠨᠢ ᠵᠣᠬᠢᠰᠳᠡᠢ ᠲᠠᠩᠨᠠᠬᠦᠯᠵᠤ᠂ ᠬᠤᠷᠢᠶᠠᠯᠳᠡ ᠵᠢᠨ ᠬᠡᠮᠵᠢᠶ᠎ᠠ ᠵᠢ ᠨᠡᠮᠡᠭᠳᠡᠬᠦᠯᠣᠭᠡᠳ ᠰᠢᠬᠢᠷ᠎ᠤᠨ ᠠᠭᠤᠯᠣᠬᠳᠡᠴᠠ ᠵᠢ ᠠᠷᠪᠢᠳᠬᠠᠬᠤ᠎ᠳᠤ ᠲᠣᠩ ᠰᠠᠶ᠋ᠢᠨ ᠨᠦᠬᠦᠴᠠᠯ ᠪᠦᠷᠢᠯᠳᠣᠬᠦᠯᠵᠣ ᠦᠭᠬᠦ ᠴᠢᠬᠤᠯᠡ ᠎ᠲᠠᠢ᠃

      ᠰᠢᠬᠢᠷ ᠮᠠᠨᠵᠢᠨ᠎ᠤ ᠴᠢᠬᠢ ᠰᠢᠩᠭᠡᠯᠠᠵᠣ ᠴᠢᠬᠢ ᠰᠠᠭᠤᠷᠢᠰᠢᠭᠤᠯᠬᠤ ᠠᠵᠢᠯ᠎ᠢ ᠠᠯᠢ ᠴᠢᠳᠡᠬᠤ᠎ᠪᠠᠷ ᠡᠷᠳᠡ ᠰᠢᠭ ᠪᠠᠶᠠᠯᠠᠬᠦᠯᠪᠡᠯ ᠰᠠᠶ᠋ᠢᠨ᠃ ᠢᠩᠬᠢᠪᠡᠯ ᠨᠢᠯᠬ᠎ᠠ ᠴᠢᠬᠢ ᠵᠢ ᠪᠠᠭᠰᠢᠷᠡᠨ ᠰᠢᠬᠠᠯᠳᠣᠬᠰᠠᠨ ᠲᠠᠪᠴᠢᠭᠤ ᠪᠠᠶ᠋ᠢᠳᠡᠯ᠎ᠠᠴᠠ ᠴᠢᠯᠣᠭᠡᠯᠡᠵᠣ᠂ ᠲᠠᠬᠦᠨ᠎ᠤ ᠢᠳᠡᠷᠡᠬᠦᠨ ᠲᠣᠷᠪᠢᠯᠢᠭ ᠣᠷᠣᠭᠤᠬᠤ᠎ᠳᠤ᠎ᠨᠢ ᠲᠣᠰᠠᠳᠡᠢ ᠶᠣᠮ᠃ ᠡᠶ᠋ᠢᠮᠣ ᠣᠴᠢᠷ᠎ᠠᠴᠠ ᠰᠢᠬᠢᠷ ᠮᠠᠨᠵᠢᠨ ᠨᠢᠭᠡᠨ ᠬᠤᠣᠰ ᠵᠢᠩᠬᠢᠨᠢ ᠨᠠᠪᠴᠢ ᠭᠠᠷᠣᠮᠠᠬ᠍ᠴᠠ ᠴᠢᠬᠢ ᠰᠢᠩᠭᠡᠯᠡᠬᠦ ᠪᠦᠭᠡᠳ ᠴᠣᠨᠣᠬᠯᠡᠨ ᠲᠠᠷᠢᠬᠰᠠᠨ ᠪᠣᠯ ᠴᠣᠨᠤᠭ ᠪᠦᠷᠢ᠎ᠳᠤ 2 — 3 ᠴᠢᠬᠢ ᠦᠯᠡᠳᠡᠭᠡᠵᠣ᠂ ᠵᠣᠷᠬᠠᠯᠡᠨ ᠲᠠᠷᠢᠬᠰᠠᠨ ᠪᠣᠯ ᠴᠢᠬᠢ᠎ᠨᠦᠭᠦᠳ᠎ᠤᠨ ᠬᠤᠭᠤᠷᠣᠨᠳᠣ 3 — 7CM᠎ᠤᠨ ᠵᠠᠢ ᠭᠠᠷᠭ᠋ᠠᠵᠣ ᠪᠠᠶ᠋ᠢᠨ᠎ᠠ᠃

      ᠰᠢᠬᠢᠷ ᠮᠠᠨᠵᠢᠨ᠎ᠤ ᠲᠠᠷᠢᠶ᠎ᠠ ᠡᠯᠳᠡᠪ ᠵᠣᠶ᠋ᠢᠯ᠎ᠤᠨ ᠣᠷᠰᠢᠭ ᠵᠶ᠋ᠠᠷ ᠴᠢᠬᠢ ᠲᠣᠳᠡᠪᠡᠯ ᠲᠦᠷᠭᠡᠨ ᠨᠦᠬᠦᠪᠣᠷᠢᠯᠡᠵᠣ ᠲᠠᠷᠢᠬᠤ ᠪᠣᠶᠣ ᠰᠢᠯᠵᠢᠬᠦᠯᠣᠨ ᠵᠠᠶ᠋ᠢᠯᠠᠬᠤ ᠭᠡᠷᠡᠭᠳᠡᠢ᠃ ᠪᠣᠰᠢᠭᠤᠬᠠᠨ ᠴᠢᠬᠢᠯᠡᠬᠦ ᠵᠢ ᠪᠠᠳᠣᠯᠠᠬᠤ ᠵᠢᠨ ᠲᠦᠯᠣᠭᠡ᠂ ᠦᠷ᠎ᠡ᠎ᠪᠠᠨ ᠰᠣᠶᠣᠭ᠋ᠠᠯᠠᠭᠤᠯᠣᠭ᠋ᠠᠳ ᠨᠦᠬᠦᠵᠣ ᠲᠠᠷᠢᠪᠡᠯ ᠬᠠᠮᠤᠭ᠎ᠤᠨ ᠰᠠᠶ᠋ᠢᠨ᠃ ᠪᠣᠳᠡᠳᠡᠢ᠎ᠪᠠᠷ ᠬᠡᠯᠡᠪᠡᠯ᠂ ᠦᠷ᠎ᠡ᠎ᠪᠠᠨ 20 ᠭ᠋ᠷᠡᠳᠦ᠋ᠰ ᠣᠷᠴᠢᠮ᠎ᠤᠨ ᠪᠦᠯᠢᠶᠠᠨ ᠣᠰᠣᠨ᠎ᠳᠤ 24 ᠴᠠᠭ ᠲᠠᠪᠳᠣᠭᠡᠭᠰᠠᠨ᠎ᠤ ᠲᠠᠷᠠᠭ᠎ᠠ ᠱᠦᠬᠦᠨ ᠭᠠᠷᠭ᠋ᠠᠵᠣ ᠡᠭᠡᠰᠢᠭᠡᠭᠡᠳ᠂ ᠨᠣᠶ᠋ᠢᠳᠡᠨ ᠪᠦᠰ ᠣᠭᠤᠳᠡᠨ ᠲᠡᠭᠡᠷ᠎ᠡ ᠲᠡᠯᠭᠡᠵᠣ᠂ ᠬᠠᠯᠠᠭᠤᠨ ᠬᠠᠨᠵᠣᠨ ᠲᠡᠭᠡᠷ᠎ᠡ ᠲᠠᠯᠪᠢᠵᠣ ᠰᠣᠶᠣᠭ᠋ᠠᠯᠠᠭᠤᠯᠣᠨ᠎ᠠ᠃ ᠲᠡᠭᠡᠭᠡᠳ ᠬᠦᠪᠣᠷᠡᠯ᠎ᠤᠨ ᠦᠨᠳᠣᠰᠣ᠎ᠨᠢ ᠦᠷ᠎ᠡ ᠵᠢᠨ ᠬᠠᠯᠢᠰᠣ᠎ᠠᠴᠠ ᠪᠣᠯᠳᠡᠶ᠋ᠢᠮᠡᠬ᠍ᠴᠠ ᠴᠢᠬᠢ ᠲᠣᠬᠳᠡᠭ᠍ᠰᠠᠨ ᠲᠠᠷᠢᠶᠠᠨ᠎ᠳᠤ᠎ᠪᠠᠨ ᠠᠪᠠᠴᠢᠵᠣ ᠲᠠᠷᠢᠨ᠎ᠠ᠃ ᠰᠢᠯᠵᠢᠬᠦᠯᠵᠤ ᠵᠠᠶ᠋ᠢᠯᠠᠬᠤ ᠭᠡᠳᠡᠭ᠎ᠨᠢ ᠴᠢᠬᠢ ᠰᠢᠩᠭᠡᠯᠡᠬᠦ ᠦᠶ᠎ᠠ᠎ᠳᠤ᠎ᠪᠠᠨ᠂ ᠰᠢᠬᠠᠯᠳᠣᠭᠤ ᠣᠷᠭᠤᠵᠣ ᠪᠠᠶ᠋ᠢᠬᠰᠠᠨ ᠴᠢᠬᠢ ᠵᠢ ᠱᠣᠷᠣᠳᠡᠢ ᠬᠤᠰᠣᠭᠤᠷ ᠵᠶ᠋ᠠᠷ ᠨᠣᠶ᠋ᠢᠳᠡᠨ ᠰᠢᠷᠣᠢ᠎ᠲᠠᠢ᠎ᠨᠢ ᠡᠪᠳᠡᠶ᠋ᠢᠭᠡᠨ ᠡᠳᠡᠵᠣ ᠠᠪᠣᠭ᠋ᠠᠳ ᠴᠢᠬᠢ ᠲᠣᠬᠳᠡᠭ᠍ᠰᠠᠨ ᠣᠩᠭᠤᠷᠬᠠᠢ᠎ᠳᠤ ᠠᠪᠠᠴᠢᠵᠣ ᠵᠠᠶ᠋ᠢᠯᠠᠬᠤ ᠵᠢ ᠬᠡᠯᠡᠵᠣ ᠪᠠᠶ᠋ᠢᠨ᠎ᠠ᠃ ᠬᠡᠬᠦ᠎ᠳᠤ᠎ᠪᠠᠨ ᠪᠣᠷᠣᠭ᠋ᠠᠨ᠎ᠤ ᠡᠮᠣᠨ᠎ᠠ᠂ ᠪᠣᠷᠣᠭ᠋ᠠᠨ᠎ᠤ ᠬᠤᠶ᠋ᠢᠨ᠎ᠠ ᠵᠡᠪᠳᠣᠵᠣ ᠬᠢᠬᠦ ᠪᠣᠶᠣ ᠵᠠᠶ᠋ᠢᠯᠠᠵᠣ ᠪᠠᠷᠡᠮᠠᠬ᠍ᠴᠠ ᠣᠰᠣᠯᠡᠪᠡᠯ ᠡᠳᠡᠭᠡᠷᠡᠯᠳᠡ᠎ᠨᠢ ᠰᠠᠶ᠋ᠢᠨ ᠪᠣᠯᠳᠠᠭ᠃

      ᠰᠢᠬᠢᠷ ᠮᠠᠨᠵᠢᠨ᠎ᠤ ᠴᠢᠬᠢ ᠵᠢᠨ ᠨᠢᠭ᠍ᠳᠡᠴᠠ᠎ᠨᠢ ᠬᠤᠷᠢᠶᠠᠯᠳᠡ ᠵᠢᠨ ᠲᠤᠭ᠎ᠠ ᠪᠡ ᠴᠢᠨᠠᠷ᠎ᠢ ᠨᠦᠯᠣᠭᠡᠯᠡᠬᠦ ᠲᠣᠯᠡ ᠰᠢᠬᠢᠷ ᠮᠠᠨᠵᠢᠨ᠎ᠢ ᠵᠣᠬᠢᠰᠳᠡᠢ ᠨᠢᠭ᠍ᠳᠡ ᠲᠠᠷᠢᠬᠤ ᠪᠣᠯ ᠴᠢᠬᠢ᠎ᠨᠦᠭᠦᠳ᠎ᠤᠨ ᠬᠤᠭᠤᠷᠣᠨᠳᠣᠬᠢ ᠵᠠᠢ ᠬᠢᠬᠡᠳ ᠵᠣᠷᠬ᠎ᠠ ᠵᠢᠨ ᠬᠤᠭᠤᠷᠣᠨᠳᠣᠬᠢ ᠵᠠᠢ ᠵᠢ ᠰᠢᠨᠵᠢᠯᠡᠬᠦ ᠣᠬᠠᠭ᠋ᠠᠨᠴᠢ᠎ᠪᠠᠷ ᠲᠡᠩᠨᠠᠬᠦᠯᠵᠣ᠂ ᠨᠠᠪᠴᠢ ᠪᠡ ᠲᠦᠮᠣᠰᠦᠯᠢᠭ ᠦᠨᠳᠣᠰᠣ ᠵᠢ᠎ᠨᠢ ᠲᠣᠷᠪᠢᠯᠢᠭ ᠣᠷᠭᠤᠭᠤᠯᠣᠨ᠂ ᠰᠢᠬᠢᠷ᠎ᠤᠨ ᠠᠭᠤᠯᠣᠬᠳᠡᠬ᠍ᠴᠠ ᠵᠢ ᠠᠯᠢ ᠪᠣᠯᠬᠤᠶ᠋ᠢᠴᠠ ᠠᠷᠪᠢᠳᠬᠠᠬᠤ ᠵᠢᠨ ᠲᠦᠯᠣᠭᠡ ᠶᠣᠮ᠃ ᠰᠢᠬᠢᠷ ᠮᠠᠨᠵᠢᠨ᠎ᠢ ᠲᠠᠷᠢᠬᠰᠠᠨ ᠨᠢᠭ᠍ᠳᠡᠴᠠ᠎ᠨᠢ ᠠᠳᠡᠯᠢ ᠦᠭᠡᠢ ᠵᠢᠨ ᠣᠯᠡᠮ᠎ᠠᠴᠠ᠂ ᠰᠢᠮ᠎ᠠ ᠲᠡᠵᠢᠭᠡᠯ ᠬᠦᠷᠳᠡᠭᠴᠢ ᠨᠠᠪᠴᠢᠨ ᠢᠯᠳᠡᠰᠣ ᠬᠢᠬᠡᠳ ᠦᠨᠳᠣᠰᠣ ᠵᠢᠨ ᠰᠢᠰᠲ᠋ᠧᠮ᠎ᠤᠨ ᠬᠢᠨᠢ ᠣᠷᠭᠤᠯᠳᠡ ᠵᠢᠨ ᠪᠠᠶ᠋ᠢᠳᠡᠯ ᠢᠯᠭ᠋ᠠᠭ᠎ᠠ ᠎ᠲᠠᠢ ᠪᠠᠶ᠋ᠢᠳᠠᠭ᠃ ᠣᠨᠴᠠᠭ᠋ᠠᠶ᠋ᠢᠯᠡᠨ ᠪᠣᠳᠡᠭ᠋ᠠᠯᠢ ᠪᠠᠭ᠎ᠠ ᠪᠣᠯᠭ᠋ᠠᠨ᠎ᠤ ᠲᠦᠮᠣᠰᠦᠯᠢᠭ ᠦᠨᠳᠣᠰᠣ ᠵᠢᠨ ᠶᠡᠭᠡ ᠪᠠᠭ᠎ᠠ ᠵᠢᠨ ᠬᠡᠮᠵᠢᠶ᠎ᠠ᠎ᠨᠢ ᠠᠳᠡᠯᠢ ᠪᠣᠰᠣ ᠪᠣᠯᠬᠤ ᠶᠣᠮ᠃
 

ᠢᠷᠡᠯᠲᠡ᠄ ᠬᠢᠩᠭ᠋ᠠᠨ᠎ᠤ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
ᠬᠤᠯᠣᠪᠠᠩ ᠲᠠᠷᠢᠬᠤ ᠮᠡᠷᠭᠡᠵᠢᠯ
ᠬᠠᠷ᠎ᠠ ᠨᠠᠷᠠᠰᠤᠨ᠎ᠤ ᠴᠢᠬᠢ ᠪᠤᠶ᠋ᠢᠵᠢᠭᠤᠯᠬᠤ ᠠᠷᠭ᠎ᠠ
ᠳᠠᠷᠢᠮᠠᠯ᠎ᠤᠨ ᠭᠠᠩ᠎ᠢ ᠡᠰᠡᠷᠬᠦᠴᠡᠬᠦ ᠠᠷᠭ᠎ᠠ ᠪᠠᠷᠢᠯ᠎ᠳᠤ ᠶᠠᠮᠠᠷ ᠬᠡᠳᠥᠨ ᠵᠥᠢ᠍ᠯ ᠪᠠᠶ᠋ᠢᠳᠠᠭ ᠪᠤᠢ
ᠢᠷᠡᠭᠡᠳᠦᠢ᠎ᠳᠤ ᠢᠳᠡᠰᠢᠨ ᠨᠤᠭᠤᠭ᠎ᠠ ᠪᠤᠯᠬᠤ ᠬᠠᠨᠳᠤᠰᠢ᠎ᠲᠠᠢ ᠤᠷᠭᠤᠮᠠᠯ — ᠪᠦᠮᠪᠦᠭᠡᠨ ᠲᠤᠷᠤᠭᠤ
ᠬᠤᠷᠢᠨ ᠳᠦᠷᠪᠡᠨ ᠴᠠᠭ ᠤᠯᠠᠷᠢᠯ
 
             蒙ICP备05000248号