ᠪᠦᠮᠪᠦᠬᠡᠨ ᠲᠤᠷᠤᠭᠤ ᠪᠤᠯ ᠤᠰᠤᠨ ᠲᠡᠭᠡᠷ᠎ᠠ ᠬᠦᠪᠪᠦᠨ ᠤᠷᠭᠤᠳᠠᠭ ᠮᠠᠰᠢ ᠰᠤᠨᠢᠷᠬᠠᠯ᠎ᠲᠠᠢ ᠤᠷᠭᠤᠮᠠᠯ ᠶᠤᠮ᠃ ᠲᠡᠷᠡ ᠪᠤᠯ ᠲᠡᠯᠡᠭᠡᠢ ᠲᠡᠭᠡᠷᠡᠬᠢ ᠬᠠᠮᠤᠭ᠎ᠤᠨ ᠪᠠᠭ᠎ᠠ ᠴᠡᠴᠡᠭᠳᠤ ᠤᠷᠭᠤᠮᠠᠯ ᠪᠤᠯᠤᠨ᠎ᠠ᠃ ᠪᠦᠮᠪᠦᠭᠡᠨ ᠲᠤᠷᠤᠭᠤ ᠵᠢᠨ ᠬᠠᠮᠤᠭ᠎ᠤᠨ ᠪᠠᠭ᠎ᠠ᠎ᠨᠢ 0.4 — 0.9 mm ᠪᠠᠶ᠋ᠢᠵᠤ᠂ ᠲᠡᠬᠦᠨ᠎ᠤ ᠦᠷ᠎ᠠ ᠵᠢᠮᠢᠰ᠎ᠨᠢ ᠨᠡᠩ ᠴᠤ᠌ ᠲᠠᠪᠤᠰᠤᠨ ᠮᠦᠬᠦᠯᠢᠭ᠎ᠠᠴᠠ ᠴᠤ᠌ ᠪᠠᠭ᠎ᠠ ᠪᠠᠶ᠋ᠢᠳᠠᠭ! ᠲᠡᠦᠭᠡᠨ ᠲᠡᠭᠡᠷ᠎ᠠ ᠬᠦᠮᠦᠰ ᠪᠦᠮᠪᠦᠬᠡᠨ ᠲᠤᠷᠤᠭᠤ ᠵᠢ ᠲᠡᠭᠦᠵᠤ᠂ ᠢᠳᠡᠰᠢᠨ ᠨᠤᠭᠤᠭ᠎ᠠ ᠪᠤᠯᠭ᠋ᠠᠵᠤ ᠪᠠᠶ᠋ᠢᠭᠰᠠᠨ᠃ ᠪᠦᠮᠪᠦᠭᠡᠨ ᠲᠤᠷᠤᠭᠤ ᠵᠢᠨ ᠸᠢᠲ᠋ᠠᠮᠢᠨ ᠪᠠ ᠤᠭᠤᠷᠠᠭ᠎ᠤᠨ ᠠᠭᠤᠯᠤᠭᠳᠠᠴᠠ ᠵᠢᠨ ᠬᠡᠮᠵᠢᠶ᠎ᠠ᠎ᠨᠢ ᠪᠠᠷᠤᠭ 40%᠎ᠠᠴᠠ ᠲᠡᠭᠡᠭᠰᠢ᠂ ᠢᠤᠳ᠋᠎ᠤᠨ ᠠᠭᠤᠯᠤᠭᠳᠠᠴᠠ ᠵᠢᠨ ᠭᠡᠮᠵᠢᠶ᠎ᠠ᠎ᠨᠢ 50%᠎ᠠᠴᠠ ᠲᠡᠭᠡᠭᠰᠢ ᠪᠠᠶ᠋ᠢᠵᠤ᠂ ᠰᠢᠮ᠎ᠠ ᠲᠡᠵᠢᠬᠡᠯ ᠡᠯᠪᠡᠭ ᠤᠷᠭᠤᠮᠠᠯ ᠪᠤᠯᠤᠨ᠎ᠠ᠃ ᠠᠮᠧᠷᠢᠺᠠ ᠵᠢᠨ ᠰᠠᠨᠰᠠᠷ᠎ᠤᠨ ᠶᠡᠷᠦᠩᠬᠡᠢ ᠵᠠᠬᠢᠷᠭ᠎ᠠ ᠵᠢᠨ ᠨᠠᠰᠠ ᠰᠤᠳᠤᠯᠭ᠋ᠠᠨ᠎ᠳᠤ᠎ᠪᠠᠨ᠄ 《ᠪᠦᠮᠪᠦᠬᠡᠨ ᠲᠤᠷᠤᠭᠤ ᠢᠷᠡᠭᠡᠳᠦᠢ᠎ᠳᠤ ᠮᠠᠨ᠎ᠤ ᠡᠷᠡᠭᠦᠯ ᠮᠡᠨᠳᠤ᠎ᠳᠤ ᠠᠰᠢᠭᠳᠠᠢ ᠰᠠᠶ᠋ᠢᠨ ᠢᠳᠡᠰᠢᠨ ᠨᠤᠭᠤᠭ᠎ᠠ ᠪᠤᠯᠬᠤ ᠬᠠᠨᠳᠤᠰᠢ᠎ᠲᠠᠢ!》 ᠬᠡᠵᠤ ᠢᠯᠡᠷᠬᠡᠶ᠋ᠢᠯᠡᠵᠡᠢ᠃