ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠬᠤᠷᠢᠨ ᠳᠦᠷᠪᠡᠨ ᠴᠠᠭ ᠤᠯᠠᠷᠢᠯ
ᠨᠡᠶ᠋ᠢᠲᠡᠯᠡᠭᠰᠡᠨ ᠴᠠᠭ᠄ 2022-09-13

      ᠶᠡᠭᠡ ᠬᠦᠢ᠍ᠲᠡᠨ — ᠶᠡᠭᠡ ᠬᠦᠢ᠍ᠲᠡᠨ ᠪᠤᠯ ᠬᠤᠷᠢᠨ ᠳᠦᠷᠪᠡᠨ ᠴᠠᠭ ᠣᠯᠠᠷᠢᠯ᠎ᠤᠨ ᠬᠠᠮᠤᠭ ᠰᠡᠭᠦᠯ᠎ᠤᠨ ᠨᠢᠭᠡ ᠤᠯᠠᠷᠢᠯ ᠪᠤᠯᠤᠨ᠎ᠠ᠃ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 1 ᠳ᠋ᠤᠭᠡᠷ ᠰᠠᠷ᠎ᠠ ᠵᠢᠨ 20 (ᠪᠤᠶᠤ 21)᠎ᠤ ᠡᠳᠦᠷ᠃ ᠨᠠᠷᠠ ᠰᠢᠷ᠎ᠠ ᠤᠷᠲᠤᠷᠢᠭ᠎ᠤᠨ 300 ᠭ᠋ᠷᠡᠳᠦ᠋ᠰ᠎ᠲᠤ ᠬᠦᠷᠴᠦ ᠢᠷᠡᠬᠦ ᠦᠶ᠎ᠡ ᠵᠢ 《ᠶᠡᠭᠡ ᠬᠦᠢ᠍ᠲᠡᠨ》 ᠭᠡᠳᠡᠭ᠃

      ᠬᠠᠪᠤᠷ᠎ᠤᠨ ᠠᠭᠤᠷ — ᠬᠤᠷᠢᠨ ᠳᠦᠷᠪᠡᠨ ᠤᠯᠠᠷᠢᠯ᠎ᠤᠨ ᠨᠢᠭᠡᠳᠦᠭᠡᠷ ᠤᠯᠠᠷᠢᠯ ᠪᠤᠯᠤᠨ᠎ᠠ᠃ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 2 ᠳ᠋ᠤᠭ᠋ᠠᠷ ᠰᠠᠷ᠎ᠠ ᠵᠢᠨ 4 (ᠪᠤᠶᠤ 5)᠎ᠤ ᠡᠳᠦᠷ᠃ ᠨᠠᠷᠠ ᠰᠢᠷ᠎ᠠ ᠤᠷᠲᠤᠷᠢᠭ᠎ᠤᠨ 315 ᠭ᠋ᠷᠡᠳᠦ᠋ᠰ᠎ᠲᠤ ᠬᠦᠷᠦᠨ᠎ᠡ᠃

      ᠬᠤᠷ᠎ᠠ ᠤᠰᠤ — ᠬᠤᠷᠢᠨ ᠳᠦᠷᠪᠡᠨ ᠴᠠᠭ ᠤᠯᠠᠷᠢᠯ᠎ᠤᠨ ᠬᠤᠶᠠᠳᠤᠭ᠋ᠠᠷ ᠤᠯᠠᠷᠢᠯ ᠪᠤᠯᠤᠨ᠎ᠠ᠃ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 2 ᠳ᠋ᠤᠭ᠋ᠠᠷ ᠰᠠᠷ᠎ᠠ ᠵᠢᠨ 19 (ᠪᠤᠶᠤ 18᠂ 20)᠎ᠤ ᠡᠳᠦᠷ᠃ ᠨᠠᠷᠠ ᠰᠢᠷ᠎ᠠ ᠤᠷᠲᠤᠷᠢᠭ᠎ᠤᠨ 330 ᠭ᠋ᠷᠡᠳᠦ᠋ᠰ᠎ᠲᠤ ᠬᠦᠷᠦᠨ᠎ᠡ᠃ ᠠᠭᠤᠷ ᠠᠮᠢᠰᠬᠤᠯ ᠳᠤᠯᠠᠭ᠋ᠠᠷᠠᠨ ᠮᠦᠰᠦ ᠴᠠᠰᠤ ᠬᠠᠶ᠋ᠢᠯᠤᠨ᠎ᠠ᠃

      ᠢᠴᠢᠭᠰᠡᠳ ᠬᠦᠳᠡᠯᠬᠦ — ᠬᠤᠷᠢᠨ ᠳᠦᠷᠪᠡᠨ ᠤᠯᠠᠷᠢᠯ᠎ᠤᠨ ᠭᠤᠷᠪᠠᠳᠤᠭ᠋ᠠᠷ ᠤᠯᠠᠷᠢᠯ᠂ ᠠᠷᠭ᠎ᠠ ᠵᠢᠨ ᠵᠢᠯ ᠪᠦᠷᠢ ᠵᠢᠨ 3 ᠳ᠋ᠤᠭ᠋ᠠᠷ ᠰᠠᠷ᠎ᠠ ᠵᠢᠨ 5 (ᠪᠤᠶᠤ 6)᠎ᠤ ᠡᠳᠦᠷ᠃ ᠨᠠᠷᠠ ᠰᠢᠷ᠎ᠠ ᠤᠷᠲᠤᠷᠢᠭ᠎ᠤᠨ 245 ᠭ᠋ᠷᠡᠳᠦ᠋ᠰ᠎ᠲᠤ ᠬᠦᠷᠦᠨ᠎ᠡ᠃ ᠠᠭᠤᠷ ᠠᠮᠢᠰᠬᠤᠯ ᠳᠤᠯᠠᠭ᠋ᠠᠷᠠᠨ᠂ ᠨᠦᠬᠡᠨ᠎ᠳᠤ ᠢᠴᠡᠭᠡᠯᠡᠭᠰᠡᠨ ᠠᠮᠢᠲᠠᠳ ᠵᠢᠴᠢ ᠬᠤᠷᠤᠬᠠᠢ ᠰᠢᠪᠡᠵᠢ ᠵᠢ ᠰᠤᠴᠢᠭ᠋ᠠᠨ ᠰᠡᠷᠢᠭᠡᠬᠦ ᠭᠡᠰᠡᠨ ᠣᠳᠬ᠎ᠠ᠎ᠲᠠᠢ᠃

      ᠬᠠᠪᠤᠷ᠎ᠤᠨ ᠬᠤᠭᠤᠰ — ᠬᠤᠷᠢᠨ ᠳᠦᠷᠪᠡᠨ ᠤᠯᠠᠷᠢᠯ᠎ᠤᠨ ᠳᠦᠷᠪᠡᠳᠦᠭᠡᠷ ᠤᠯᠠᠷᠢᠯ᠂ ᠠᠷᠭ᠎ᠠ ᠵᠢᠨ ᠵᠢᠯ ᠪᠦᠷᠢ ᠵᠢᠨ 3 ᠳ᠋ᠤᠭ᠋ᠠᠷ ᠰᠠᠷ᠎ᠠ ᠵᠢᠨ 20 (ᠪᠤᠶᠤ 21)᠎ᠤ ᠡᠳᠦᠷ ᠪᠤᠯᠤᠨ᠎ᠠ᠃ ᠨᠠᠷᠠ ᠰᠢᠷ᠎ᠠ ᠤᠷᠲᠤᠷᠢᠭ᠎ᠤᠨ 0 ᠭ᠋ᠷᠡᠳᠦ᠋ᠰ᠎ᠲᠤ ᠬᠦᠷᠴᠦ᠂ ᠡᠳᠦᠷ ᠰᠦᠨᠢ ᠵᠢᠨ ᠤᠷᠲᠤ ᠬᠠᠷᠢᠯᠴᠠᠨ ᠲᠡᠩᠴᠡᠭᠦᠦ᠂ ᠶᠠᠭ ᠰᠠᠶᠢᠬᠠᠨ ᠬᠠᠪᠤᠷ᠎ᠤᠨ ᠤᠯᠠᠷᠢᠯ᠎ᠤᠨ ᠶᠡᠷᠡᠨ ᠡᠳᠦᠷ᠎ᠤᠨ ᠬᠠᠭ᠋ᠠᠰ ᠪᠤᠯᠬᠤᠷ 《ᠬᠠᠪᠤᠷ᠎ᠤᠨ ᠬᠤᠭᠤᠰ》 ᠭᠡᠪᠡ᠃

      ᠨᠡᠬᠡᠭᠡᠭᠰᠡᠨ ᠬᠠᠩᠰᠢ — ᠬᠤᠷᠢᠨ ᠳᠦᠷᠪᠡᠨ ᠤᠯᠠᠷᠢᠯ᠎ᠤᠨ ᠲᠠᠪᠤᠳᠤᠭ᠋ᠠᠷ ᠤᠯᠠᠷᠢᠯ᠎ᠢ ᠬᠡᠯᠡᠨ᠎ᠡ᠃ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 4 ᠳ᠋ᠤᠭᠡᠷ ᠰᠠᠷ᠎ᠠ ᠵᠢᠨ 4 (ᠪᠤᠶᠤ 5.6)᠎ᠤ ᠡᠳᠦᠷ᠃ ᠨᠠᠷᠠ ᠰᠢᠷ᠎ᠠ ᠤᠷᠲᠤᠷᠢᠭ ᠎ᠤᠨ 15 ᠭ᠋ᠷᠡᠳᠦ᠋ᠰ᠎ᠲᠤ ᠬᠦᠷᠦᠨ᠎ᠡ᠃ ᠲᠠᠷᠢᠶᠠᠯᠠᠩ᠎ᠤᠨ ᠬᠤᠷ᠎ᠠ — ᠬᠤᠷᠢᠨ ᠳᠦᠷᠪᠡᠨ ᠴᠠᠭ ᠤᠯᠠᠷᠢᠯ᠎ᠤᠨ ᠵᠢᠷᠭᠤᠳᠤᠭ᠋ᠠᠷ ᠤᠯᠠᠷᠢᠯ᠂ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 4 ᠳ᠋ᠤᠭᠡᠷ ᠰᠠᠷ᠎ᠠ ᠵᠢᠨ 20 (ᠪᠤᠶᠤ 21)᠎ᠤ ᠡᠳᠦᠷ᠃ ᠨᠠᠷᠠ ᠰᠢᠷ᠎ᠠ ᠤᠷᠲᠤᠷᠢᠭ ᠎ᠤᠨ 30 ᠭ᠋ᠷᠡᠳᠦ᠋ᠰ᠎ᠲᠤ ᠬᠦᠷᠦᠨ᠎ᠡ᠃

      ᠵᠤᠨ᠎ᠤ ᠠᠭᠤᠷ — ᠬᠤᠷᠢᠨ ᠳᠦᠷᠪᠡᠨ ᠤᠯᠠᠷᠢᠯ᠎ᠤᠨ ᠳᠤᠯᠤᠳᠤᠭ᠋ᠠᠷ ᠤᠯᠠᠷᠢᠯ᠂ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 5 ᠳ᠋ᠤᠭ᠋ᠠᠷ ᠰᠠᠷ᠎ᠠ ᠵᠢᠨ 5 (ᠪᠤᠶᠤ 6)᠎ᠤ ᠡᠳᠦᠷ᠃ ᠨᠠᠷᠠ ᠰᠢᠷ᠎ᠠ ᠤᠷᠲᠤᠷᠢᠭ᠎ᠤᠨ 45 ᠭ᠋ᠷᠡᠳᠦ᠋ᠰ ᠎ᠲᠤ ᠬᠦᠷᠦᠨ᠎ᠡ᠃

      ᠦᠴᠦᠬᠡᠨ ᠳᠦᠭᠦᠷᠡᠩ — ᠬᠤᠷᠢᠨ ᠳᠦᠷᠪᠡᠨ ᠤᠯᠠᠷᠢᠯ᠎ᠤᠨ ᠨᠠᠢ᠍ᠮᠠᠳᠤᠭ᠋ᠠᠷ ᠤᠯᠠᠷᠢᠯ᠂ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 5 ᠳ᠋ᠤᠭ᠋ᠠᠷ ᠰᠠᠷ᠎ᠠ ᠵᠢᠨ 21 (ᠪᠤᠶᠤ 22)᠎ᠤ ᠡᠳᠦᠷ᠃ ᠨᠠᠷᠠ ᠰᠢᠷ᠎ᠠ ᠤᠷᠲᠤᠷᠢᠭ᠎ᠤᠨ 60 ᠭ᠋ᠷᠡᠳᠦ᠋ᠰ᠎ᠲᠤ ᠬᠦᠷᠦᠨ᠎ᠡ᠃

      ᠪᠤᠭᠤᠳᠠᠢ ᠪᠤᠯᠪᠠᠰᠤᠷᠠᠬᠤ — ᠬᠤᠷᠢᠨ ᠳᠦᠷᠪᠡᠨ ᠤᠯᠠᠷᠢᠯ᠎ᠤᠨ ᠶᠢᠰᠦᠳᠦᠭᠡᠷ ᠤᠯᠠᠷᠢᠯ᠂ ᠠᠷᠭ᠎ᠠ ᠵᠢᠨ ᠤᠯᠠᠷᠢᠯ ᠎ᠤᠨ ᠵᠢᠯ ᠪᠦᠷᠢ ᠵᠢᠨ 6 ᠳ᠋ᠤᠭ᠋ᠠᠷ ᠰᠠᠷ᠎ᠠ ᠵᠢᠨ 5 (ᠪᠤᠶᠤ 6 .7)᠎ᠤ ᠡᠳᠦᠷ᠃ ᠨᠠᠷᠠ ᠰᠢᠷ᠎ᠠ ᠤᠷᠲᠤᠷᠢᠭ᠎ᠤᠨ 75 ᠭ᠋ᠷᠡᠳᠦ᠋ᠰ᠎ᠲᠤ ᠬᠦᠷᠦᠨ᠎ᠡ᠃ ]

      ᠵᠤᠨ᠎ᠤ ᠲᠤᠶ᠋ᠢᠯ — ᠬᠤᠷᠢᠨ ᠳᠦᠷᠪᠡᠨ ᠤᠯᠠᠷᠢᠯ᠎ᠤᠨ ᠠᠷᠪᠠᠳᠤᠭ᠋ᠠᠷ ᠤᠯᠠᠷᠢᠯ᠂ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 6 ᠳ᠋ᠤᠭ᠋ᠠᠷ ᠰᠠᠷ᠎ᠠ ᠵᠢᠨ 21 (ᠪᠤᠶᠤ 22)᠎ᠤ ᠡᠳᠦᠷ᠃ ᠨᠠᠷᠠ ᠰᠢᠷ᠎ᠠ ᠤᠷᠲᠤᠷᠢᠭ᠎ᠤᠨ 90 ᠭ᠋ᠷᠡᠳᠦ᠋ᠰ ᠎ᠲᠤ ᠬᠦᠷᠦᠨ᠎ᠡ᠃ ᠳᠡᠯᠡᠬᠡᠢ ᠵᠢᠨ ᠪᠦᠮᠪᠦᠷᠴᠡᠭ᠎ᠤᠨ ᠤᠮᠠᠷᠠᠲᠦ ᠬᠠᠭ᠋ᠠᠰ ᠪᠦᠮᠪᠦᠷᠴᠡᠭ᠎ᠤᠨ ᠡᠳᠦᠷ ᠬᠠᠮᠤᠭ᠎ᠤᠨ ᠤᠷᠲᠤ᠂ ᠰᠦᠨᠢ ᠬᠠᠮᠤᠭ᠎ᠤᠨ ᠤᠬᠤᠷ᠃

      ᠪᠠᠭ᠎ᠠ ᠬᠠᠯᠠᠭᠤᠨ — ᠬᠤᠷᠢᠨ ᠳᠦᠷᠪᠡᠨ ᠤᠯᠠᠷᠢᠯ᠎ᠤᠨ ᠠᠷᠪᠠᠨ ᠨᠢᠭᠡᠳᠦᠭᠡᠷ ᠤᠯᠠᠷᠢᠯ᠂ ᠠᠷᠭ᠎ᠠ ᠵᠢᠨ ᠤᠯᠠᠷᠢᠯ ᠎ᠤᠨ ᠵᠢᠯ ᠪᠦᠷᠢ ᠵᠢᠨ 7 ᠳ᠋ᠤᠭ᠋ᠠᠷ ᠰᠠᠷ᠎ᠠ ᠵᠢᠨ 7 (ᠪᠤᠶᠤ 8)᠎ᠤ ᠡᠳᠦᠷ᠃ ᠨᠠᠷᠠ ᠰᠢᠷ᠎ᠠ ᠤᠷᠲᠤᠷᠢᠭ᠎ᠤᠨ 105 ᠭ᠋ᠷᠡᠳᠦ᠋ᠰ᠎ᠲᠤ ᠬᠦᠷᠦᠨ᠎ᠡ᠃

      ᠶᠡᠭᠡ ᠬᠠᠯᠠᠭᠤᠨ — ᠬᠤᠷᠢᠨ ᠳᠦᠷᠪᠡᠨ ᠤᠯᠠᠷᠢᠯ᠎ᠤᠨ ᠠᠷᠪᠠᠨ ᠬᠤᠶᠠᠳᠤᠭ᠋ᠠᠷ ᠤᠯᠠᠷᠢᠯ᠂ ᠠᠷᠭ᠎ᠠ ᠵᠢᠨ ᠤᠯᠠᠷᠢᠯ ᠎ᠤᠨ ᠵᠢᠯ ᠪᠦᠷᠢ ᠵᠢᠨ 7 ᠳ᠋ᠤᠭ᠋ᠠᠷ ᠰᠠᠷ᠎ᠠ ᠵᠢᠨ 23 (ᠪᠤᠶᠤ 24)᠎ᠤ ᠡᠳᠦᠷ᠃ ᠨᠠᠷᠠ ᠰᠢᠷ᠎ᠠ ᠤᠷᠲᠤᠷᠢᠭ᠎ᠤᠨ 120 ᠭ᠋ᠷᠡᠳᠦ᠋ᠰ᠎ᠲᠤ ᠬᠦᠷᠦᠨ᠎ᠡ᠃ ᠴᠠᠭ ᠠᠭᠤᠷ ᠠᠭ᠋ᠠᠭᠢᠮ᠎ᠠ ᠬᠠᠯᠠᠭᠤᠨ ᠪᠤᠯᠳᠠᠭ᠃

      ᠨᠠᠮᠤᠷ᠎ᠤᠨ ᠠᠭᠤᠷ — ᠬᠤᠷᠢᠨ ᠳᠦᠷᠪᠡᠨ ᠤᠯᠠᠷᠢᠯ᠎ᠤᠨ ᠠᠷᠪᠠᠨ ᠭᠤᠷᠪᠠᠳᠤᠭ᠋ᠠᠷ ᠤᠯᠠᠷᠢᠯ᠂ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 8 ᠳ᠋ᠤᠭ᠋ᠠᠷ ᠰᠠᠷ᠎ᠠ ᠵᠢᠨ 7 (ᠪᠤᠶᠤ 8)᠎ᠤ ᠡᠳᠦᠷ᠃ ᠨᠠᠷᠠ ᠰᠢᠷ᠎ᠠ ᠤᠷᠲᠤᠷᠢᠭ᠎ᠤᠨ 135 ᠭ᠋ᠷᠡᠳᠦ᠋ᠰ᠎ᠲᠤ ᠬᠦᠷᠦᠨ᠎ᠡ᠃ ᠬᠠᠯᠠᠭᠤᠨ ᠡᠭᠡᠬᠦ — ᠬᠤᠷᠢᠨ ᠳᠦᠷᠪᠡᠨ ᠤᠯᠠᠷᠢᠯ᠎ᠤᠨ ᠠᠷᠪᠠᠨ ᠳᠦᠷᠪᠡᠳᠦᠭᠡᠷ ᠤᠯᠠᠷᠢᠯ᠂ ᠠᠷᠭ᠎ᠠ ᠵᠢᠨ ᠤᠯᠠᠷᠢᠯ ᠎ᠤᠨ ᠵᠢᠯ ᠪᠦᠷᠢ ᠵᠢᠨ 8 ᠳ᠋ᠤᠭ᠋ᠠᠷ ᠰᠠᠷ᠎ᠠ ᠵᠢᠨ 23 (ᠪᠤᠶᠤ 22.21)᠎ᠤ ᠡᠳᠦᠷ᠃ ᠨᠠᠷᠠ ᠰᠢᠷ᠎ᠠ ᠤᠷᠲᠤᠷᠢᠭ᠎ᠤᠨ 150 ᠭ᠋ᠷᠡᠳᠦ᠋ᠰ᠎ᠲᠤ ᠬᠦᠷᠦᠨ᠎ᠡ᠃

      ᠴᠠᠭ᠋ᠠᠨ ᠰᠢᠭᠦᠳᠡᠷᠢ — ᠬᠤᠷᠢᠨ ᠳᠦᠷᠪᠡᠨ ᠤᠯᠠᠷᠢᠯ᠎ᠤᠨ ᠠᠷᠪᠠᠨ ᠲᠠᠪᠤᠳᠤᠭ᠋ᠠᠷ ᠤᠯᠠᠷᠢᠯ᠂ ᠠᠷᠭ᠎ᠠ ᠵᠢᠨ ᠤᠯᠠᠷᠢᠯ ᠎ᠤᠨ ᠵᠢᠯ ᠪᠦᠷᠢ ᠵᠢᠨ 9 ᠳ᠋ᠤᠭᠡᠷ ᠰᠠᠷ᠎ᠠ ᠵᠢᠨ 8 (ᠪᠤᠶᠤ 7 . 9)᠎ᠤ ᠡᠳᠦᠷ᠃ ᠨᠠᠷᠠ ᠰᠢᠷ᠎ᠠ ᠤᠷᠲᠤᠷᠢᠭ᠎ᠤᠨ 165 ᠭ᠋ᠷᠡᠳᠦ᠋ᠰ᠎ᠲᠤ ᠬᠦᠷᠦᠨ᠎ᠡ᠃

      ᠨᠠᠮᠤᠷ᠎ᠤᠨ ᠬᠤᠭᠤᠰ — ᠬᠤᠷᠢᠨ ᠳᠦᠷᠪᠡᠨ ᠤᠯᠠᠷᠢᠯ᠎ᠤᠨ ᠠᠷᠪᠠᠨ ᠵᠢᠷᠭᠤᠳᠤᠭ᠋ᠠᠷ ᠤᠯᠠᠷᠢᠯ᠂ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 9 ᠳ᠋ᠤᠭᠡᠷ ᠰᠠᠷ᠎ᠠ ᠵᠢᠨ 23 (ᠪᠤᠶᠤ 22 .24)᠎ᠤ ᠡᠳᠦᠷ᠃ ᠨᠠᠷᠠ ᠰᠢᠷ᠎ᠠ ᠤᠷᠲᠤᠷᠢᠭ᠎ᠤᠨ 180 ᠭ᠋ᠷᠡᠳᠦ᠋ᠰ᠎ᠲᠤ ᠬᠦᠷᠦᠨ᠎ᠡ᠃

      ᠬᠦᠢ᠍ᠲᠡᠨ ᠰᠢᠭᠦᠳᠡᠷᠢ — ᠬᠤᠷᠢᠨ ᠳᠦᠷᠪᠡᠨ ᠤᠯᠠᠷᠢᠯ᠎ᠤᠨ ᠠᠷᠪᠠᠨ ᠳᠤᠯᠤᠳᠤᠭ᠋ᠠᠷ ᠤᠯᠠᠷᠢᠯ᠂ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 10 ᠳ᠋ᠤᠭ᠋ᠠᠷ ᠰᠠᠷ᠎ᠠ ᠵᠢᠨ 8 (ᠪᠤᠶᠤ 9)᠎ᠤ ᠡᠳᠦᠷ᠃ ᠨᠠᠷᠠ ᠰᠢᠷ᠎ᠠ ᠤᠷᠲᠤᠷᠢᠭ ᠎ᠤᠨ 195 ᠭ᠋ᠷᠡᠳᠦ᠋ᠰ᠎ᠲᠤ ᠬᠦᠷᠦᠨ᠎ᠡ᠃

      ᠬᠢᠷᠠᠭᠤ ᠤᠨᠠᠬᠤ — ᠬᠤᠷᠢᠨ ᠳᠦᠷᠪᠡᠨ ᠤᠯᠠᠷᠢᠯ᠎ᠤᠨ ᠠᠷᠪᠠᠨ ᠨᠠᠢ᠍ᠮᠠᠳᠤᠭ᠋ᠠᠷ ᠤᠯᠠᠷᠢᠯ᠂ ᠠᠷᠭ᠎ᠠ ᠵᠢᠨ ᠤᠯᠠᠷᠢᠯ ᠎ᠤᠨ ᠵᠢᠯ ᠪᠦᠷᠢ ᠵᠢᠨ 10 ᠳ᠋ᠤᠭ᠋ᠠᠷ ᠰᠠᠷ᠎ᠠ ᠵᠢᠨ 23 (ᠪᠤᠶᠤ 24)᠎ᠤ ᠡᠳᠦᠷ᠃ ᠨᠠᠷᠠ ᠰᠢᠷ᠎ᠠ ᠤᠷᠲᠤᠷᠢᠭ᠎ᠤᠨ 210 ᠭ᠋ᠷᠡᠳᠦ᠋ᠰ᠎ᠲᠤ ᠬᠦᠷᠦᠨ᠎ᠡ᠃

      ᠡᠪᠦᠯ᠎ᠤᠨ ᠠᠭᠤᠷ — ᠬᠤᠷᠢᠨ ᠳᠦᠷᠪᠡᠨ ᠤᠯᠠᠷᠢᠯ᠎ᠤᠨ ᠠᠷᠪᠠ ᠶᠢᠰᠦᠳᠦᠭᠡᠷ ᠤᠯᠠᠷᠢᠯ᠂ ᠠᠷᠭ᠎ᠠ ᠵᠢᠨ ᠤᠯᠠᠷᠢᠯ ᠎ᠤᠨ ᠵᠢᠯ ᠪᠦᠷᠢ ᠵᠢᠨ 11 ᠳ᠋ᠤᠭᠡᠷ ᠰᠠᠷ᠎ᠠ ᠵᠢᠨ 7 (ᠪᠤᠶᠤ 8)᠎ᠤ ᠡᠳᠦᠷ᠃ ᠨᠠᠷᠠ ᠰᠢᠷ᠎ᠠ ᠤᠷᠲᠤᠷᠢᠭ᠎ᠤᠨ 225 ᠭ᠋ᠷᠡᠳᠦ᠋ᠰ᠎ᠲᠤ ᠬᠦᠷᠦᠨ᠎ᠡ᠃ ᠡᠪᠦᠯ᠎ᠤᠨ ᠤᠯᠠᠷᠢᠯ᠎ᠤᠨ ᠡᠬᠢᠯᠡᠯᠲᠡ ᠪᠤᠯᠤᠨ᠎ᠠ᠃

      ᠪᠠᠭ᠎ᠠ ᠴᠠᠰᠤ — ᠬᠤᠷᠢᠨ ᠳᠦᠷᠪᠡᠨ ᠤᠯᠠᠷᠢᠯ᠎ᠤᠨ ᠬᠤᠷᠢᠳᠤᠭ᠋ᠠᠷ ᠤᠯᠠᠷᠢᠯ᠂ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 11 ᠳ᠋ᠤᠭᠡᠷ ᠰᠠᠷ᠎ᠠ ᠵᠢᠨ 21 (ᠪᠤᠶᠤ 22)᠎ᠤ ᠡᠳᠦᠷ᠃ ᠨᠠᠷᠠ ᠰᠢᠷ᠎ᠠ ᠤᠷᠲᠤᠷᠢᠭ᠎ᠤᠨ 240 ᠭ᠋ᠷᠡᠳᠦ᠋ᠰ᠎ᠲᠤ ᠬᠦᠷᠦᠨ᠎ᠡ᠃

      ᠶᠡᠭᠡ ᠴᠠᠰᠤ — ᠬᠤᠷᠢᠨ ᠳᠦᠷᠪᠡᠨ ᠤᠯᠠᠷᠢᠯ᠎ᠤᠨ ᠬᠤᠷᠢᠨ ᠨᠢᠭᠡᠳᠦᠭᠡᠷ ᠤᠯᠠᠷᠢᠯ᠂ ᠠᠷᠭ᠎ᠠ ᠵᠢᠨ ᠤᠯᠠᠷᠢᠯ᠎ᠤᠨ ᠵᠢᠯ ᠪᠦᠷᠢ ᠵᠢᠨ 12 ᠳ᠋ᠤᠭ᠋ᠠᠷ ᠰᠠᠷ᠎ᠠ ᠵᠢᠨ 7 (ᠪᠤᠶᠤ 8)᠎ᠤ ᠡᠳᠦᠷ᠃ ᠨᠠᠷᠠ ᠰᠢᠷ᠎ᠠ ᠤᠷᠲᠤᠷᠢᠭ᠎ᠤᠨ 255 ᠭ᠋ᠷᠡᠳᠦ᠋ᠰ᠎ᠲᠤ ᠬᠦᠷᠦᠨ᠎ᠡ᠃ ᠴᠠᠭ ᠠᠭᠤᠷ ᠬᠦᠢ᠍ᠲᠡᠷᠡᠭᠡᠳ ᠶᠡᠭᠡ ᠴᠠᠰᠤ ᠪᠠᠭᠤᠬᠤ ᠴᠠᠭ ᠤᠯᠠᠷᠢᠯ᠎ᠳᠤ ᠤᠷᠤᠨ᠎ᠠ᠃

      ᠡᠪᠦᠯ᠎ᠤᠨ ᠲᠦᠢ᠍ᠯ — ᠬᠤᠷᠢᠨ ᠳᠦᠷᠪᠡᠨ ᠤᠯᠠᠷᠢᠯ᠎ᠤᠨ ᠬᠤᠷᠢᠨ ᠬᠤᠶᠠᠳᠤᠭ᠋ᠠᠷ ᠤᠯᠠᠷᠢᠯ᠂ ᠠᠷᠭ᠎ᠠ ᠵᠢᠨ ᠤᠯᠠᠷᠢᠯ ᠎ᠤᠨ ᠵᠢᠯ ᠪᠦᠷᠢ ᠵᠢᠨ 12 ᠳ᠋ᠤᠭ᠋ᠠᠷ ᠰᠠᠷ᠎ᠠ ᠵᠢᠨ 22 (ᠪᠤᠶᠤ 21 .23)᠎ᠤ ᠡᠳᠦᠷ᠃ ᠨᠠᠷᠠ ᠰᠢᠷ᠎ᠠ ᠤᠷᠲᠤᠷᠢᠭ ᠎ᠤᠨ 270 ᠭ᠋ᠷᠡᠳᠦ᠋ᠰ᠎ᠲᠤ ᠬᠦᠷᠦᠨ᠎ᠡ᠃ ᠳᠡᠯᠡᠬᠡᠢ ᠵᠢᠨ ᠪᠦᠮᠪᠦᠷᠴᠡᠭ᠎ᠤᠨ ᠤᠮᠠᠷᠠᠲᠦ ᠬᠠᠭ᠋ᠠᠰ ᠪᠦᠮᠪᠦᠷᠴᠡᠭ᠎ᠲᠤ ᠡᠳᠦᠷ ᠬᠠᠮᠤᠭ ᠤᠬᠤᠷ᠂ ᠰᠦᠨᠢ ᠬᠠᠮᠤᠭ ᠤᠷᠲᠤ᠃

      ᠪᠠᠭ᠎ᠠ ᠬᠦᠢ᠍ᠲᠡᠨ — ᠬᠤᠷᠢᠨ ᠳᠦᠷᠪᠡᠨ ᠤᠯᠠᠷᠢᠯ᠎ᠤᠨ ᠬᠤᠷᠢᠨ ᠭᠤᠷᠪᠠᠳᠤᠭ᠋ᠠᠷ ᠤᠯᠠᠷᠢᠯ᠂ ᠠᠷᠭ᠎ᠠ ᠵᠢᠨ ᠤᠯᠠᠷᠢᠯ ᠎ᠤᠨ ᠵᠢᠯ ᠪᠦᠷᠢ ᠵᠢᠨ 1 ᠳ᠋ᠤᠭᠡᠷ ᠰᠠᠷ᠎ᠠ ᠵᠢᠨ 6 (ᠪᠤᠶᠤ 7)᠎ᠤ ᠡᠳᠦᠷ᠃ ᠨᠠᠷᠠ ᠰᠢᠷ᠎ᠠ ᠤᠷᠲᠤᠷᠢᠭ᠎ᠤᠨ 285 ᠭ᠋ᠷᠡᠳᠦ᠋ᠰ᠎ᠲᠤ ᠬᠦᠷᠦᠨ᠎ᠡ᠃ ᠮᠠᠨ᠎ᠤ ᠤᠯᠤᠰ᠎ᠤᠨ ᠤᠮᠠᠷᠠᠲᠦ ᠭᠠᠵᠠᠷ ᠤᠷᠤᠨ᠎ᠳᠤ ᠴᠠᠭ ᠠᠭᠤᠷ ᠨᠢᠭᠡ ᠵᠢᠯ᠎ᠤᠨ ᠬᠠᠮᠤᠭ ᠬᠦᠢ᠍ᠲᠡᠨ ᠤᠯᠠᠷᠢᠯ᠎ᠳᠤ ᠡᠬᠢᠯᠡᠨ ᠤᠷᠤᠨ᠎ᠠ᠃
   

ᠢᠷᠡᠯᠲᠡ᠄
          
ᠬᠠᠮᠢᠶ᠎ᠡ ᠪᠦᠬᠦᠢ ᠰᠣᠨᠢᠨ
ᠭᠠᠨᠭ᠌ ᠬᠠᠭᠤᠷᠠᠢ ᠤᠷᠤᠨ ᠵᠶ᠋ᠠᠷ ᠲᠠᠷᠢᠬᠤ ᠬᠠᠷ᠎ᠠ ᠪᠤᠭᠤᠳᠠᠢ ᠡᠪᠡᠰᠤ
ᠦᠬᠡᠷ᠎ᠢ ᠬᠡᠷᠬᠢᠨ ᠳᠡᠵᠢᠬᠡᠪᠡᠯ ᠡᠪᠣᠯ ᠳᠠᠷᠭᠤ ᠮᠠᠭᠤᠳᠠᠬᠤ ᠦᠭᠡᠢ ᠪᠣᠢ
ᠲᠦᠮᠦᠰᠦ ᠢᠳᠡᠬᠦ ᠵᠢᠨ ᠭᠤᠷᠪᠡᠡ ᠶᠡᠭᠡ ᠠᠴᠢ ᠲᠤᠰᠠ
ᠰᠤᠷᠲ᠎ᠤᠨ ᠦᠷ᠎ᠡ ᠵᠢᠨ ᠴᠢᠨᠠᠷ᠎ᠤᠨ ᠱᠠᠭ᠋ᠠᠷᠳᠠᠯᠭ᠎ᠠ
ᠨᠠᠮᠤᠷ᠎ᠤᠨ ᠬᠤᠭᠤᠰ ᠪᠤᠶᠤ ᠳᠤᠮᠳᠠᠳᠤ ᠤᠯᠤᠰ᠎ᠤᠨ ᠳᠠᠷᠢᠶᠠᠴᠢᠳ᠎ᠤᠨ ᠡᠯᠪᠡᠭ ᠬᠤᠷᠢᠶᠠᠯᠳᠠ ᠵᠢᠨ ᠪᠠᠶᠠᠷ
 
             蒙ICP备05000248号