1. ᠰᠠᠳᠤ ᠲᠠᠭ᠋ᠠᠷᠢᠭᠳᠠᠬᠤ ᠵᠢ ᠰᠡᠷᠬᠡᠶ᠋ᠢᠯᠡᠨᠡ᠃ ᠲᠦᠮᠦᠰᠦᠨ᠎ᠳᠤ ᠮᠠᠰᠢ ᠡᠯᠪᠡᠭ ᠸᠢᠲ᠋ᠠᠮᠢᠨ B ᠵᠢᠨ ᠪᠦᠯᠦᠭ ᠪᠤᠯᠤᠨ ᠤᠨᠴᠠ ᠰᠠᠶ᠋ᠢᠨ ᠰᠢᠷᠬᠡᠭᠯᠢᠭ ᠡᠳ᠋ ᠪᠡᠶ᠎ᠡ ᠮᠠᠬᠠᠪᠤᠳ᠎ᠤᠨ ᠦᠳᠡᠯᠵᠦ ᠲᠤᠷᠦ᠋ᠢ᠍ᠳᠠᠬᠤ ᠵᠢ ᠤᠳᠠᠭ᠋ᠠᠰᠢᠷᠠᠭᠤᠯᠬᠤ᠎ᠳᠤ ᠴᠢᠬᠤᠯᠠ ᠦᠢ᠍ᠯᠡᠳᠦᠯ ᠦᠵᠡᠬᠦᠯᠳᠡᠭ᠃ ᠲᠦᠮᠦᠰᠦᠨ᠎ᠳᠤ ᠡᠯᠪᠡᠭ ᠪᠠᠶ᠋ᠢᠳᠠᠭ ᠢᠳᠡᠰᠢ ᠵᠢᠨ ᠰᠢᠷᠬᠡᠭᠯᠢᠭ ᠪᠤᠯᠤᠨ ᠨᠢᠰᠢᠩᠬᠦ ᠵᠢᠨ ᠰᠢᠬᠢᠷ ᠰᠢᠩᠬᠡᠬᠡᠯᠳᠡ ᠵᠢᠨ ᠵᠠᠮ᠎ᠤᠨ ᠦᠮᠡᠨ᠎ᠢ ᠰᠡᠷᠬᠡᠶ᠋ᠢᠯᠡᠨ ᠡᠮᠴᠢᠯᠡᠵᠦ᠂ ᠴᠢᠰᠦᠨ᠎ᠳᠠᠬᠢ ᠰᠦᠰᠦᠨ ᠴᠢᠯᠠᠭᠤᠯᠢᠭ ᠠᠯᠺᠤᠤᠯ᠎ᠤᠨ ᠠᠭᠤᠯᠤᠭᠳᠠᠴᠠ ᠵᠢ ᠡᠷᠬᠡᠰᠢᠶᠡᠬᠦ᠎ᠳᠤ ᠲᠤᠰᠠᠳᠠᠢ᠃ ᠡᠬᠦᠨ᠎ᠤ ᠲᠤᠳᠤᠷᠠᠬᠢ ᠨᠢᠯᠴᠠᠭ᠋ᠠᠢ ᠤᠭᠤᠷᠠᠭ᠎ᠨᠢ ᠵᠢᠷᠤᠬᠡ ᠴᠢᠰᠦᠨ ᠰᠤᠳᠠᠯ᠎ᠤᠨ ᠡᠪᠡᠳᠴᠢᠨ ᠬᠡᠮ᠎ᠢ ᠤᠷᠢᠳᠴᠢᠯᠠᠨ ᠰᠡᠷᠬᠡᠶ᠋ᠢᠯᠡᠳᠡᠭ᠃ ᠲᠦᠮᠦᠰᠦ ᠪᠠᠰᠠ ᠺᠠᠯᠢ ᠵᠢᠨ ᠡᠯᠧᠮᠧᠨ᠋ᠲ ᠡᠯᠪᠡᠭ ᠠᠭᠤᠯᠤᠭᠳᠠᠳᠠᠭ ᠪᠠᠨᠠᠨᠠ᠂ ᠬᠦᠢ᠍ᠯᠡᠰᠦ᠂ ᠲᠤᠭᠤᠷ᠎ᠲᠠᠢ ᠠᠳᠠᠯᠢᠬᠠᠨ ᠰᠠ ᠡᠪᠡᠳᠴᠢᠨ ᠲᠤᠰᠬᠤ ᠠᠶᠤᠯ᠎ᠢ ᠪᠠᠭ᠋ᠠᠰᠬᠠᠬᠤ ᠮᠦᠷᠳᠡᠬᠡᠨ ᠶᠠᠮᠠᠷᠴᠦ ᠭᠠᠵᠢᠭᠤ ᠦᠢ᠍ᠯᠡᠳᠦᠯ ᠦᠬᠡᠢ᠃ ᠰᠤᠳᠤᠯᠭ᠋ᠠᠳᠠᠳ᠂ ᠡᠳᠦᠷ ᠪᠤᠯᠭ᠋ᠠᠨ ᠨᠢᠬᠡ ᠲᠦᠮᠦᠰᠦ ᠢᠳᠡᠪᠡᠯ ᠰᠠᠳᠤ ᠲᠠᠭ᠋ᠠᠷᠢᠭᠳᠠᠬᠤ ᠲᠤᠬᠢᠶᠠᠯᠳᠤᠮᠵᠢ 40%᠎ᠪᠠᠷ ᠲᠤᠷᠤᠭᠰᠢᠯᠠᠨ᠎ᠠ ᠬᠡᠵᠦ ᠵᠢᠭ᠋ᠠᠵᠦ ᠭᠠᠷᠭ᠋ᠠᠭᠰᠠᠨ ᠪᠠᠶ᠋ᠢᠨ᠎ᠠ᠃
2. ᠮᠠᠷᠢᠶ᠎ᠠ ᠰᠢᠭᠤᠷᠠᠨ᠎ᠠ᠃ ᠡᠩ ᠲᠡᠷᠢᠬᠦᠨ᠎ᠳᠤ᠂ ᠲᠦᠮᠦᠰᠦ ᠢᠳᠡᠬᠦ᠎ᠳᠤ ᠪᠡᠶ᠎ᠡ ᠮᠠᠬᠠᠪᠤᠳ᠎ᠲᠤ ᠦᠬᠡᠬᠦ ᠬᠤᠷᠠᠮᠳᠤᠬᠤ᠎ᠠᠴᠠ ᠰᠠᠨᠠᠭ᠎ᠠ ᠠᠯᠭ᠋ᠠᠰᠬᠤ ᠤᠴᠢᠷ ᠦᠬᠡᠢ᠃ ᠲᠡᠬᠦᠨ᠎ᠳᠤ᠂ ᠵᠦᠪᠬᠡᠨ 0.1% ᠵᠢᠨ ᠯᠡ ᠦᠬᠡᠬᠦ ᠠᠭᠤᠯᠤᠭᠳᠠᠳᠠᠭ᠃ ᠲᠡᠶ᠋ᠢᠮᠦ᠎ᠠᠴᠠ᠂ ᠡᠳᠦᠷ ᠪᠤᠯᠭ᠋ᠠᠨ ᠲᠦᠮᠦᠰᠦ ᠢᠯᠡᠬᠦᠬᠡᠨ ᠢᠳᠡᠪᠡᠯ ᠪᠡᠶ᠎ᠡ ᠮᠠᠬᠠᠪᠤᠳ᠎ᠲᠤ ᠰᠢᠩᠬᠡᠬᠦ ᠦᠬᠡᠬᠦ ᠬᠠᠰᠤᠭᠳᠠᠵᠦ᠂ ᠢᠯᠡᠬᠦᠴᠡ ᠦᠬᠡᠬᠦ ᠠᠯᠭᠤᠷ ᠰᠤᠯᠢᠯᠴᠠᠭ᠎ᠠ᠎ᠪᠠᠷ ᠭᠠᠳᠠᠭᠰᠢᠯᠠᠬᠤ ᠪᠤᠯᠤᠨ᠎ᠠ᠃ ᠲᠠᠬᠢᠪᠠᠯ ᠲᠦᠮᠦᠰᠦ ᠢᠳᠡᠪᠡᠯ ᠰᠢᠮ᠎ᠡ ᠲᠡᠵᠢᠬᠡᠯ ᠴᠤᠯᠭᠤᠶ᠋ᠢᠳᠠᠨ ᠡᠷᠡᠬᠦᠯ ᠮᠡᠨᠳᠦ ᠬᠤᠬᠢᠷᠠᠬᠤ᠎ᠠᠴᠠ ᠰᠠᠨᠠᠭ᠎ᠠ ᠵᠤᠪᠠᠭ᠍ᠤ ᠵᠦᠢ᠍ᠯ ᠦᠬᠡᠢ᠃ ᠲᠦᠮᠦᠰᠦᠨ᠎ᠳᠤ ᠠᠭᠤᠯᠤᠭᠳᠠᠭ᠎ᠠ ᠰᠢᠯᠢᠳᠡᠭ ᠴᠢᠨᠠᠷ᠎ᠤᠨ ᠤᠭᠤᠷᠠᠭ᠎ᠤᠨ ᠰᠢᠮ᠎ᠡ ᠲᠡᠵᠢᠬᠡᠯ᠎ᠤᠨ ᠦᠷᠳᠡᠭ ᠴᠦ᠍ ᠲᠡᠷᠡ᠂ ᠡᠷᠡᠬᠦᠯᠵᠢᠯ᠎ᠤᠨ ᠦᠢ᠍ᠯᠡᠳᠦᠯ᠎ᠨᠢ ᠴᠦ᠍ ᠪᠤᠯᠤᠭ᠂ ᠪᠦᠷ ᠰᠢᠷ᠎ᠠ ᠪᠤᠷᠴᠠᠭ᠎ᠠᠴᠠ ᠲᠤᠤᠷᠠᠳᠠᠬᠤ ᠦᠬᠡᠢ᠃ ᠪᠡᠶ᠎ᠡ ᠮᠠᠬᠠᠪᠤᠳ᠎ᠲᠤ ᠱᠠᠭ᠋ᠠᠷᠳᠠᠭᠳᠠᠳᠠᠭ ᠨᠡᠬᠦᠷᠡᠰᠦ ᠤᠰᠤᠨ᠎ᠤ ᠨᠢᠬᠡᠳᠪᠦᠷᠢ᠂ ᠡᠯ᠎ᠡ ᠵᠦᠢ᠍ᠯ᠎ᠤᠨ ᠸᠢᠲ᠋ᠠᠮᠢᠨ᠂ ᠡᠷᠤᠳᠡᠰᠦ ᠪᠤᠳᠠᠰ ᠵᠡᠷᠭᠡ ᠵᠢᠨ ᠪᠤᠰᠤᠳ ᠰᠢᠮ᠎ᠡ ᠲᠡᠵᠢᠬᠡᠯᠳᠤ ᠪᠤᠳᠠᠰ᠎ᠨᠢ ᠴᠦ᠍ ᠲᠤᠳᠤᠷᠭ᠎ᠠ᠂ ᠭᠤᠯᠢᠷ᠎ᠠᠴᠠ ᠨᠡᠩ ᠪᠦᠷᠢᠨ ᠲᠡᠬᠦᠯᠳᠡᠷ ᠪᠠᠶ᠋ᠢᠳᠠᠭ᠃ ᠤᠷᠴᠢᠮ᠎ᠤᠨ ᠵᠢᠯ᠎ᠠᠴᠠ ᠢᠲ᠋ᠠᠯᠢ᠂ ᠢᠰᠫᠠᠨᠢ᠂ ᠠᠮᠧᠷᠢᠺᠠ᠂ ᠺᠠᠨᠠᠳᠠ᠂ ᠤᠷᠤᠰ ᠵᠡᠷᠭᠡ ᠤᠯᠤᠰ ᠤᠷᠤᠨ᠎ᠳᠤ ᠤᠷᠢᠳ ᠬᠤᠵᠢᠳ ᠨᠢᠬᠡ ᠪᠦᠯᠦᠭ ᠦᠪᠡᠷᠮᠢᠴᠡ ᠦᠨᠦᠷ ᠠᠮᠳᠠ ᠪᠦᠬᠦᠢ ᠲᠦᠮᠦᠰᠦᠨ ᠵᠠᠰᠠᠯᠭ᠎ᠠ ᠵᠢᠨ ᠬᠤᠭᠤᠯᠠᠨ ᠭᠡᠷ ᠡᠬᠦᠳᠡ ᠡᠷᠦᠬᠡ᠎ᠪᠠᠨ ᠰᠡᠬᠦᠵᠦ᠂ ᠪᠡᠶ᠎ᠡ ᠴᠢᠬᠢᠷᠠᠭᠵᠢᠭᠤᠯᠤᠨ᠂ ᠮᠠᠷᠢᠶ᠎ᠠ᠎ᠪᠠᠨ ᠰᠢᠭᠤᠷᠠᠭᠤᠯᠵᠦ᠂ ᠭᠤᠸ᠎ᠠ ᠰᠠᠶ᠋ᠢᠬᠠᠨ᠎ᠢ ᠬᠥᠭᠡᠴᠡᠯᠳᠦᠳᠡᠭ ᠬᠦᠮᠦᠰ᠎ᠤᠨ ᠡᠳᠦᠷ ᠲᠤᠳᠤᠮ᠎ᠤᠨ ᠬᠦᠰᠡᠯ ᠬᠦᠬᠡᠬᠡᠴᠡᠯᠳᠦᠯᠢ ᠬᠠᠨᠭ᠌ᠭ᠋ᠠᠨ ᠪᠠᠶ᠋ᠢᠨ᠎ᠠ᠃
3. ᠬᠤᠳᠤᠭᠤᠳᠤ ᠵᠢ ᠰᠤᠪᠢᠯᠠᠨ᠎ᠠ᠃ ᠬᠢᠳᠡᠳ ᠡᠮᠨᠡᠯᠬᠡ ᠲᠦᠮᠦᠰᠦ ᠬᠤᠳᠤᠭᠤᠳᠤ ᠵᠢ ᠰᠤᠪᠢᠯᠠᠵᠦ᠂ ᠲᠡᠯᠢᠬᠦᠤ ᠵᠢ ᠴᠢᠬᠢᠷᠠᠭᠵᠢᠭᠤᠯᠤᠨ᠂ ᠬᠤᠳᠤᠭᠤᠳᠤᠨᠤ ᠰᠢᠷᠬᠠᠯᠠᠭ᠎ᠠ ᠵᠢ ᠡᠮᠴᠢᠯᠡᠨ᠎ᠡ ᠬᠡᠵᠦ ᠦᠵᠡᠳᠡᠭ᠃ ᠵᠤᠷᠰᠢᠯ᠎ᠤᠨ ᠴᠢᠨᠠᠷᠳᠠᠢ ᠬᠤᠷᠭᠤᠰᠤᠯᠠᠳᠠᠭ ᠡᠪᠡᠳᠴᠢᠨ ᠬᠡᠮ᠎ᠳᠤ ᠮᠠᠰᠢ ᠲᠤᠰᠠᠳᠠᠢ ᠮᠦᠷᠳᠡᠬᠡᠨ ᠬᠤᠤᠷ ᠲᠠᠶ᠋ᠢᠯᠵᠦ᠂ ᠦᠷᠪᠢᠰᠦᠯ᠎ᠢ ᠲᠠᠷᠤᠬᠤ ᠦᠢ᠍ᠯᠡᠳᠦᠯ᠎ᠲᠠᠢ᠃