ᠨᠠᠮᠤᠷ᠎ᠤᠨ ᠬᠤᠭᠤᠰ ᠪᠤᠯ ᠬᠤᠷᠢᠨ ᠲᠦᠷᠪᠡᠨ ᠤᠯᠠᠷᠢᠯ᠎ᠤᠨ ᠠᠷᠪᠠᠨ ᠵᠢᠷᠭᠤᠳᠤᠭ᠋ᠠᠷ ᠴᠠᠭ ᠤᠯᠠᠷᠢᠯ᠂ ᠨᠠᠮᠤᠷ᠎ᠤᠨ ᠤᠯᠠᠷᠢᠯ᠎ᠤᠨ ᠲᠦᠷᠪᠡᠳᠡᠬᠢ ᠴᠠᠭ ᠤᠯᠠᠷᠢᠯ ᠪᠤᠯᠤᠨ᠎ᠠ᠃ ᠵᠢᠯ ᠪᠦᠷᠢ ᠵᠢᠨ 9 ᠰᠠᠷ᠎ᠠ ᠵᠢᠨ 22 — 24᠎ᠤ ᠡᠳᠤᠷ ᠳᠤᠬᠢᠶᠠᠳᠠᠭ᠃
ᠨᠠᠮᠤᠷ᠎ᠤᠨ ᠬᠤᠭᠤᠰ ᠤᠷᠤᠬᠤ ᠡᠨᠡ ᠡᠳᠤᠷ ᠨᠡᠷ᠎ᠠ ᠪᠠᠷᠤᠭ ᠳᠡᠯᠡᠬᠡᠢ ᠵᠢᠨ ᠪᠦᠰᠡᠯᠡᠬᠦᠷ ᠳᠡᠬᠡᠷ᠎ᠡ ᠡᠭᠴᠡ ᠳᠤᠰᠴᠤ᠂ ᠪᠦᠬᠦ ᠪᠦᠮᠪᠦᠷᠴᠡᠭ᠎ᠤᠨ ᠡᠯ᠎ᠡ ᠭᠠᠵᠠᠷ᠎ᠤᠨ ᠡᠳᠤᠷ ᠰᠦᠨᠢ᠎ᠨᠢ ᠠᠳᠠᠯᠢᠬᠠᠨ ᠤᠷᠳᠤ ᠪᠤᠯᠳᠠᠭ᠃
《ᠬᠤᠭᠤᠰ》 ᠬᠡᠳᠡᠭ᠎ᠨᠢ 《ᠬᠠᠭ᠋ᠠᠰ》᠂ 《ᠳᠡᠭᠰᠢ ᠬᠤᠪᠢᠶᠠᠭᠳᠠᠬᠤ》 ᠬᠡᠬᠦ ᠤᠳᠬ᠎ᠠ᠎ᠲᠠᠢ᠂ ᠳᠠᠷᠤᠢ ᠡᠳᠤᠷ ᠰᠦᠨᠢ ᠵᠢᠨ ᠳᠡᠭᠰᠢ ᠬᠤᠪᠢᠶᠠᠭᠳᠠᠬᠤ ᠵᠢ ᠵᠢᠭ᠋ᠠᠬᠤ᠎ᠠᠴᠠ ᠭᠠᠳᠠᠨ᠎ᠠ᠂ ᠪᠠᠰᠠ ᠨᠠᠮᠤᠷ᠎ᠤᠨ ᠤᠯᠠᠷᠢᠯ ᠳᠡᠭᠰᠢ ᠬᠤᠪᠢᠶᠠᠭᠳᠠᠬᠤ ᠬᠡᠰᠡᠨ ᠤᠳᠬ᠎ᠠ᠎ᠲᠠᠢ᠃ ᠨᠠᠮᠤᠷ᠎ᠤᠨ ᠬᠤᠭᠤᠰᠤᠨ ᠡᠳᠤᠷ᠎ᠤᠨ ᠳᠠᠷᠠᠭ᠎ᠠ᠂ ᠨᠠᠷᠠᠨ᠎ᠤ ᠬᠡᠷᠡᠯ᠎ᠤᠨ ᠡᠭᠴᠡ ᠳᠤᠰᠤᠯᠳᠠ ᠡᠮᠤᠨᠡᠰᠢ ᠰᠢᠯᠵᠢᠵᠤ᠂ ᠤᠮᠠᠷᠠᠳᠤ ᠬᠠᠭ᠋ᠠᠰ ᠪᠦᠮᠪᠦᠷᠴᠡᠭ᠎ᠤᠨ ᠡᠳᠤᠷ ᠤᠬᠤᠷ ᠰᠦᠨᠢ ᠤᠷᠳᠤ ᠪᠤᠯᠵᠤ᠂ ᠡᠳᠤᠷ ᠰᠦᠨᠢ ᠵᠢᠨ ᠳᠤᠯᠠᠭ᠋ᠠᠨ᠎ᠤ ᠵᠦᠷᠢᠶ᠎ᠡ ᠶᠡᠬᠡᠳᠤᠨ᠂ ᠠᠭ᠋ᠠᠷ᠎ᠤᠨ ᠳᠤᠯᠠᠭ᠋ᠠᠨ ᠡᠳᠤᠷ ᠢᠷᠡᠬᠦᠶ᠎ᠡ ᠳᠤᠷᠤᠭᠰᠢᠯᠠᠨ᠎ᠠ᠃