ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠨᠠᠮᠣᠷ ᠮᠤᠳᠤ ᠲᠠᠷᠢᠬᠤ ᠳᠤᠬᠠᠢ
ᠨᠡᠶ᠋ᠢᠲᠡᠯᠡᠭᠰᠡᠨ ᠴᠠᠭ᠄ 2023-01-06

      ᠮᠠᠨ᠎ᠤ ᠤᠷᠤᠨ᠎ᠤ ᠪᠤᠷᠤᠭ᠎ᠠ ᠤᠷᠤᠬᠤ ᠭᠤᠤᠯ ᠤᠯᠠᠷᠢᠯ ᠪᠤᠯ 7 — 9 ᠰᠠᠷ᠎ᠠ ᠪᠤᠯᠤᠨ᠎ᠠ᠃ ᠵᠢᠯ ᠪᠦᠷᠢ ᠵᠢᠨ ᠨᠠᠮᠤᠷ᠎ᠤᠨ ᠴᠢᠬᠢᠭ ᠬᠠᠮᠤᠭ᠎ᠠᠴᠠ ᠰᠠᠶ᠋ᠢᠨ ᠪᠦᠭᠡᠳ ᠳᠤᠯᠠᠭ᠋ᠠᠨ᠎ᠤ ᠬᠡᠮᠵᠢᠶ᠎ᠡ ᠠᠭ᠋ᠠᠵᠢᠮ ᠠᠭ᠋ᠠᠵᠢᠮ ᠵᠶ᠋ᠠᠷ ᠤᠷᠤᠭᠰᠢᠯᠠᠵᠤ᠂ ᠬᠦᠷᠦᠰᠦ ᠰᠢᠷᠤᠢ ᠪᠠ ᠴᠢᠬᠢ ᠮᠤᠳᠤᠨ᠎ᠤ ᠠᠭᠤᠷᠰᠢᠯᠲᠠ ᠵᠢᠨ ᠬᠡᠮᠵᠢᠶ᠎ᠡ ᠨᠡᠯᠢᠶᠡᠳ ᠪᠠᠭ᠎ᠠ ᠪᠤᠯᠬᠤ ᠲᠤᠯᠠ᠂ ᠮᠤᠳᠤ ᠲᠠᠷᠢᠬᠤ᠎ᠳᠤ ᠲᠤᠬᠢᠷᠠᠮᠵᠢᠲᠠᠢ ᠴᠠᠭ ᠪᠤᠯᠤᠨ᠎ᠠ᠃ ᠨᠠᠮᠤᠷ᠎ᠤᠨ ᠤᠯᠠᠷᠢᠯ᠎ᠤᠨ ᠮᠤᠳᠤ ᠲᠠᠷᠢᠬᠤ ᠴᠠᠭ ᠪᠤᠯ ᠨᠡᠯᠢᠶᠡᠳ ᠤᠷᠳᠤ ᠪᠠᠶ᠋ᠢᠳᠠᠭ᠂ 10 ᠰᠠᠷ᠎ᠠ ᠵᠢᠨ ᠳᠤᠮᠳᠠᠴᠢ᠎ᠠᠴᠠ 11 ᠰᠠᠷ᠎ᠠ ᠵᠢᠨ ᠳᠤᠮᠳᠠᠴᠢ ᠪᠤᠯᠳᠠᠯ᠎ᠠ ᠪᠦᠷ ᠮᠤᠳᠤ ᠲᠠᠷᠢᠵᠤ ᠪᠤᠯᠤᠨ᠎ᠠ᠃ ᠬᠡᠪᠡᠴᠤ ᠮᠠᠨ᠎ᠤ ᠤᠷᠤᠨ᠎ᠤ ᠨᠤᠲᠤᠭ ᠳᠡᠪᠢᠰᠭᠡᠷ ᠦᠷᠭᠡᠨ ᠠᠭᠤᠳᠠᠮ ᠠᠭᠤᠷ ᠠᠮᠢᠰᠬᠤᠯ᠎ᠤᠨ ᠵᠦᠷᠢᠶ᠎ᠡ ᠨᠡᠯᠢᠶᠡᠳ ᠶᠡᠭᠡ ᠲᠤᠯᠠ ᠡᠯ᠎ᠡ ᠭᠠᠵᠠᠷ᠎ᠤᠨ ᠮᠤᠳᠤ ᠲᠠᠷᠢᠬᠤ ᠴᠠᠭ᠎ᠨᠢ ᠪᠠᠰᠠ ᠠᠳᠠᠯᠢ ᠦᠬᠡᠢ ᠪᠠᠶ᠋ᠢᠳᠠᠭ᠃ ᠬᠡᠲᠦᠷᠭᠡᠢ ᠡᠷᠳᠡ ᠪᠤᠶᠤ ᠭᠡᠲᠦᠷᠬᠡᠢ ᠤᠷᠤᠢ ᠲᠠᠷᠢᠬᠤ᠎ᠨᠢ ᠪᠦᠷ ᠮᠠᠭᠤ ᠶᠤᠮ᠃ ᠮᠤᠳᠤᠨ᠎ᠤ ᠲᠦᠷᠦᠯ ᠵᠦᠢ᠍ᠯ᠎ᠢ ᠰᠤᠩᠭᠤᠬᠤ ᠶᠠᠪᠤᠳᠠᠯ ᠲᠦᠢ᠍ᠯ᠎ᠤᠨ ᠴᠢᠬᠤᠯᠠ ᠶᠤᠮ᠃ ᠭᠠᠭᠴᠠ ᠬᠦ᠌ ᠲᠤᠬᠠᠢ ᠵᠢᠨ ᠭᠠᠵᠠᠷ᠎ᠲᠠᠭᠠᠨ ᠳᠤᠬᠢᠷᠠᠬᠤ ᠮᠤᠳᠤ ᠵᠢ ᠰᠤᠩᠭᠤᠪᠠᠯ ᠰᠠᠶᠢ ᠡᠳᠡᠭᠡᠷᠡᠯᠲᠡ ᠵᠢᠨ ᠨᠤᠷᠮ᠎ᠠ᠎ᠨᠢ ᠦᠨᠳᠦᠷ ᠪᠤᠯᠵᠤ ᠴᠢᠳᠠᠨ᠎ᠠ᠃ ᠤᠰᠤᠯᠤᠯᠳᠠ ᠵᠢᠨ ᠨᠦᠬᠦᠴᠡᠯ᠎ᠲᠠᠢ ᠴᠢᠬᠢᠭ ᠰᠠᠶ᠋ᠢᠲᠠᠢ ᠭᠤᠤᠯ ᠰᠤᠪᠠᠭ᠎ᠤᠨ ᠬᠦᠪᠡᠭᠡ᠂ ᠭᠤᠤᠯ ᠵᠢᠯᠠᠭ᠎ᠠ᠎ᠳᠤ ᠪᠤᠯ ᠤᠯᠢᠶᠠᠰᠤ ᠤᠳᠠ᠂ ᠬᠠᠶ᠋ᠢᠯᠠᠰᠤ ᠵᠢ ᠲᠠᠷᠢᠵᠤ᠂ ᠠᠭᠤᠯᠠ ᠳᠤᠪᠤᠷᠬᠠᠭ ᠭᠠᠵᠠᠷ᠎ᠲᠤ ᠬᠠᠷ᠎ᠠ ᠨᠠᠷᠠᠰᠤ ᠵᠡᠷᠭᠡ ᠰᠢᠯᠮᠤᠤᠰᠤᠲᠤ ᠮᠤᠳᠤ ᠵᠢ ᠲᠠᠷᠢᠵᠤ᠂ ᠪᠤᠰᠤᠳ ᠡᠯᠡᠰᠦᠷᠭᠡᠭ ᠤᠷᠤᠨ ᠠᠭᠤᠯᠠᠷᠬᠠᠭ ᠤᠷᠤᠨ᠂ ᠬᠤᠵᠢᠷᠯᠢᠭ ᠭᠠᠵᠠᠷ᠎ᠲᠤ ᠬᠠᠷᠭ᠋ᠠᠨ᠎ᠠ᠂ ᠪᠤᠷᠭ᠋ᠠᠰᠤ᠂ ᠴᠢᠴᠠᠷᠭ᠋ᠠᠨ᠎ᠠ᠂ ᠬᠡᠬᠡᠷ᠎ᠡ ᠵᠢᠨ ᠬᠦᠢ᠍ᠯᠡᠰᠦ ᠵᠡᠷᠭᠡ ᠪᠤᠳᠠᠯᠢᠭ ᠮᠤᠳᠤ ᠵᠢ ᠲᠠᠷᠢᠪᠠᠯ ᠵᠤᠬᠢᠨ᠎ᠠ᠃ ᠪᠤᠳᠠᠯᠢᠭ ᠮᠤᠳᠤ ᠪᠤᠯ ᠭᠠᠩ ᠬᠠᠭᠤᠷᠠᠢ᠎ᠳᠤ ᠳᠠᠭ᠋ᠠᠭ᠋ᠠᠴᠢᠲᠠᠢ᠂ ᠳᠠᠴᠢᠷ ᠨᠢᠮᠬᠡᠨ ᠪᠠ ᠬᠤᠵᠢᠷᠯᠢᠭ ᠭᠠᠵᠠᠷ᠎ᠲᠤ ᠤᠷᠭᠤᠬᠤ ᠮᠦᠷᠲᠡᠬᠡᠨ ᠡᠳᠡᠭᠡᠷᠡᠬᠦ᠎ᠳᠤ ᠬᠢᠯᠪᠠᠷ ᠪᠠᠶ᠋ᠢᠳᠠᠭ᠃ ᠴᠢᠬᠢ ᠮᠤᠳᠤ ᠪᠠ ᠰᠠᠭᠤᠯᠭ᠋ᠠᠬᠤ ᠮᠤᠳᠤᠨ᠎ᠤ ᠴᠢᠬᠢᠭ᠎ᠢ ᠬᠠᠮᠠᠭ᠋ᠠᠯᠠᠬᠤ ᠶᠠᠪᠤᠳᠠᠯ ᠪᠤᠯ ᠲᠦᠢ᠍ᠯ᠎ᠤᠨ ᠴᠢᠬᠤᠯᠠ ᠪᠠᠶ᠋ᠢᠳᠠᠭ᠃ ᠡᠨᠡ᠎ᠨᠢ ᠲᠠᠷᠢᠭᠰᠠᠨ ᠮᠤᠳᠤᠨ᠎ᠤ ᠡᠳᠡᠭᠡᠷᠡᠬᠦ ᠡᠰᠡᠬᠦ᠎ᠳᠤ ᠬᠤᠯᠪᠤᠭᠳᠠᠨ᠎ᠠ᠃ ᠡᠶ᠋ᠢᠮᠦ᠎ᠠᠴᠠ ᠪᠤᠯᠬᠤ ᠵᠢᠨ ᠬᠢᠷᠢ᠎ᠳᠤ ᠴᠢᠬᠢ ᠮᠤᠳᠤ᠎ᠪᠠᠨ ᠠᠪᠤᠮᠠᠭᠴᠠ ᠲᠠᠷᠢᠵᠤ ᠲᠠᠷᠢᠵᠤ᠂ ᠴᠢᠬᠢ ᠮᠤᠳᠤ᠎ᠪᠠᠨ ᠤᠷᠳᠤ ᠬᠤᠭᠤᠴᠠᠭ᠎ᠠ᠎ᠪᠠᠷ ᠰᠠᠯᠬᠢᠨ᠎ᠳᠤ ᠦᠯᠢᠶᠡᠭᠲᠡᠵᠤ᠂ ᠨᠠᠷᠠᠨ᠎ᠳᠤ ᠰᠢᠷᠠᠭᠲᠠᠬᠤ ᠵᠢ ᠰᠡᠷᠬᠡᠶ᠋ᠢᠯᠡᠪᠡᠯ ᠵᠤᠬᠢᠨ᠎ᠠ᠃ ᠮᠤᠳᠤ ᠲᠠᠷᠢᠬᠤ᠎ᠳᠠᠭᠠᠨ ᠪᠠᠰᠠ ᠨᠠᠮᠤᠷ᠎ᠤᠨ ᠤᠯᠠᠷᠢᠯ᠎ᠤᠨ ᠤᠨᠴᠠᠯᠢᠭ᠎ᠢ ᠪᠤᠳᠤᠯᠬᠢᠯᠠᠬᠤ ᠬᠡᠷᠡᠭᠲᠠᠢ᠃ ᠨᠠᠮᠤᠷ ᠪᠤᠯ ᠬᠤᠲᠠ᠂ ᠬᠦᠷᠢᠶ᠎ᠡ ᠬᠠᠰᠢᠶ᠎ᠠ ᠵᠢ ᠨᠤᠭᠤᠭ᠋ᠠᠷᠠᠭᠤᠯᠬᠤ᠎ᠠᠴᠠ ᠭᠠᠳᠠᠨ᠎ᠠ᠂ ᠡᠩ᠎ᠤᠨ ᠪᠠᠶ᠋ᠢᠳᠠᠯ ᠳᠤᠤᠷ᠎ᠠ ᠦᠨᠳᠦᠷ ᠡᠰᠢᠲᠤ ᠮᠤᠳᠤ ᠵᠢ ᠰᠠᠭᠤᠯᠭ᠋ᠠᠬᠤ᠎ᠳᠤ ᠪᠠᠰᠠ ᠳᠤᠬᠢᠷᠠᠬᠤ ᠦᠬᠡᠢ ᠪᠠᠶ᠋ᠢᠳᠠᠭ᠂ ᠤᠴᠢᠷ᠎ᠨᠢ ᠡᠪᠦᠯ ᠬᠠᠪᠤᠷ᠎ᠤᠨ ᠤᠯᠠᠷᠢᠯ ᠤᠷᠳᠤ᠂ ᠰᠠᠯᠬᠢ ᠡᠯᠡᠰᠦ ᠶᠡᠭᠡ᠂ ᠴᠢᠬᠢ ᠮᠤᠳᠤ ᠬᠢᠯᠪᠠᠷᠬᠠᠨ ᠬᠠᠲᠠᠵᠤ᠂ ᠮᠠᠯ ᠤᠨᠤᠭ᠎ᠠ᠎ᠳᠤ ᠬᠡᠮᠡᠯᠢᠭᠳᠡᠭᠡᠳ ᠡᠳᠡᠭᠡᠷᠡᠯᠲᠡ ᠵᠢᠨ ᠨᠤᠷᠮ᠎ᠠ᠎ᠨᠢ ᠳᠤᠷᠤᠭᠰᠢᠯᠠᠳᠠᠭ ᠶᠤᠮ᠃ ᠡᠶ᠋ᠢᠮᠦ᠎ᠠᠴᠠ ᠬᠠᠳᠬᠤᠨ ᠰᠠᠭᠤᠯᠭ᠋ᠠᠬᠤ᠂ ᠡᠰᠢ ᠵᠢ᠎ᠨᠢ ᠪᠤᠯᠠᠬᠤ ᠪᠠ ᠨᠢᠯᠬ᠎ᠠ ᠮᠤᠳᠤ ᠵᠢ ᠰᠠᠭᠤᠯᠭ᠋ᠠᠪᠠᠯ ᠵᠤᠬᠢᠨ᠎ᠠ᠂ ᠪᠤᠯᠠᠵᠤ ᠲᠠᠷᠢᠬᠤ ᠪᠠ ᠵᠠᠶ᠋ᠢᠳᠠᠰᠤ ᠬᠠᠳᠬᠤᠨ ᠲᠠᠷᠢᠬᠤ ᠮᠤᠳᠤᠨ᠎ᠤ ᠦᠵᠦᠬᠦᠷ᠎ᠢ᠎ᠨᠢ ᠭᠠᠵᠠᠷ᠎ᠤᠨ ᠭᠠᠳᠠᠷᠭᠤ᠎ᠲᠠᠢ ᠳᠡᠭᠰᠢ ᠪᠠᠶ᠋ᠢᠯᠭ᠋ᠠᠵᠤ ᠨᠦᠬᠡ ᠮᠠᠯᠲᠠᠵᠤ ᠲᠠᠷᠢᠭᠰᠠᠨ ᠪᠤᠯ ᠨᠦᠬᠡᠨ᠎ᠤ ᠢᠷᠮᠡᠭ᠎ᠠᠴᠠ 10 — 20 ᠮᠢᠯᠯᠢᠮᠧᠳ᠋ᠷ ᠲᠤᠤᠷ᠎ᠠ ᠪᠠᠶ᠋ᠢᠯᠭ᠋ᠠᠪᠠᠯ ᠰᠠᠶ᠋ᠢᠨ ᠶᠤᠮ᠃ ᠨᠠᠮᠤᠷ᠎ᠤᠨ ᠤᠯᠠᠷᠢᠯ᠎ᠳᠤ ᠬᠡᠬᠡᠷ᠎ᠡ ᠵᠢᠨ ᠬᠦᠢ᠍ᠯᠡᠰᠦ᠂ ᠬᠡᠬᠡᠷ᠎ᠡ ᠵᠢᠨ ᠢᠩᠲᠤᠤᠷ᠂ ᠱᠠᠩᠳᠦ᠋ᠩ ᠮᠤᠳᠤ ᠵᠡᠷᠭᠡ ᠪᠦᠳᠦᠬᠦᠨ ᠦᠷ᠎ᠡ᠎ᠲᠠᠢ ᠮᠤᠳᠤ ᠵᠢ ᠰᠢᠭᠤᠳ ᠲᠠᠷᠢᠬᠤ᠎ᠳᠤ ᠰᠠᠶ᠋ᠢᠨ ᠪᠠᠶ᠋ᠢᠳᠠᠭ᠃


     《ᠮᠠᠯ ᠲᠠᠷᠢᠶᠠᠯᠠᠩ᠎ᠤᠨ ᠬᠡᠷᠡᠭᠯᠡᠬᠡᠨ᠎ᠤ ᠰᠢᠨ᠎ᠡ ᠮᠡᠷᠭᠡᠵᠢᠯ》 ᠬᠡᠬᠦ ᠨᠤᠮ᠎ᠠᠴᠠ ᠪᠠᠭᠤᠯᠭ᠋ᠠᠪᠠ

ᠢᠷᠡᠯᠲᠡ᠄ ᠦᠤᠰᠢᠨ ᠬᠤᠰᠢᠭᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠬᠦᠢ᠍ᠳᠡᠨ ᠰᠡᠷᠢᠭᠦᠨ ᠪᠦᠰᠡ ᠵᠢᠨ ᠰᠢᠯᠮᠦᠦᠰᠦᠲᠦ ᠤᠢ
ᠦᠪᠦᠷ ᠮᠤᠩᠭᠤᠯ᠎ᠤᠨ ᠲᠠᠪᠤᠨ ᠶᠡᠬᠡ ᠡᠯᠡᠰᠦᠷᠬᠡᠭ ᠭᠠᠵᠠᠷ
ᠡᠯᠡᠰᠦ ᠮᠠᠩᠬᠠᠨ᠎ᠳᠤ ᠵᠣᠬᠢᠴᠠᠬᠤ ᠤᠷᠭᠤᠮᠠᠯ — ᠪᠤᠷᠭ᠋ᠠᠰᠤ
ᠮᠠᠨ᠎ᠤ ᠤᠯᠤᠰ᠎ᠤᠨ ᠲᠠᠯ᠎ᠠ ᠨᠤᠲᠤᠭ᠎ᠤᠨ ᠲᠦᠷᠦᠯ ᠵᠦᠢ᠍ᠯ
ᠲᠠᠯ᠎ᠠ ᠨᠤᠲᠤᠭ᠎ᠤᠨ ᠭᠠᠯ ᠲᠦᠢ᠍ᠮᠡᠷ᠎ᠤᠨ ᠡᠬᠢ ᠰᠤᠷᠪᠤᠯᠵᠢ
 
             蒙ICP备05000248号