ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠡᠯᠡᠰᠦ ᠮᠠᠩᠬᠠᠨ᠎ᠳᠤ ᠵᠣᠬᠢᠴᠠᠬᠤ ᠤᠷᠭᠤᠮᠠᠯ — ᠪᠤᠷᠭ᠋ᠠᠰᠤ
ᠨᠡᠶ᠋ᠢᠲᠡᠯᠡᠭᠰᠡᠨ ᠴᠠᠭ᠄ 2023-02-28

      ᠪᠤᠷᠭ᠋ᠠᠰᠤ ᠪᠣᠯ ᠡᠯᠡᠰᠦ ᠮᠠᠩᠬ᠎ᠠ᠎ᠲᠠᠢ ᠭᠠᠵᠠᠷ ᠤᠷᠭᠤᠳᠠᠭ ᠪᠤᠲᠠᠯᠢᠭ ᠤᠷᠭᠤᠮᠠᠯ ᠮᠥᠨ᠃ ᠲᠡᠷᠡ᠎ᠨᠢ ᠬᠤᠵᠢᠷᠯᠢᠭ ᠭᠠᠵᠠᠷ᠎ᠲᠤ ᠵᠣᠬᠢᠴᠠᠬᠤ ᠴᠢᠨᠠᠷ ᠵᠶ᠋ᠠᠷ ᠰᠠᠶ᠋ᠢᠨ᠂ ᠨᠦᠢ᠍ᠲᠠᠨ ᠴᠢᠬᠢᠭᠯᠢᠭ᠂ ᠭᠠᠩ ᠬᠠᠭᠰᠠᠷᠠᠭ᠎ᠠ᠎ᠳᠤ ᠲᠡᠰᠪᠦᠷᠢᠲᠡᠢ᠂ ᠡᠯᠡᠰᠦᠨ᠎ᠳᠤ ᠳᠠᠷᠤᠭᠳᠠᠬᠤ᠎ᠠᠴᠠ ᠠᠶᠤᠬᠤ ᠦᠭᠡᠢ᠂ ᠤᠰᠤᠨ᠎ᠤ ᠲᠦᠪᠰᠢᠨ ᠳᠡᠭᠡᠷ᠎ᠡ ᠰᠢᠭ᠂ ᠭᠤᠳᠣᠭᠤᠷ ᠭᠠᠵᠠᠷ᠎ᠲᠤ ᠴᠦ᠍ ᠲᠠᠷᠢᠵᠦ ᠵᠣᠬᠢᠴᠠᠳᠠᠭ᠃ ᠡᠯᠡᠰᠦᠨ ᠪᠤᠷᠭ᠋ᠠᠰᠤᠨ᠎ᠤ ᠤᠷᠭᠤᠴᠠ᠎ᠨᠢ ᠲᠦᠷᠭᠡᠨ᠂ ᠵᠠᠶ᠋ᠢᠯᠠᠭᠰᠠᠨ ᠵᠢᠯ᠎ᠳᠡᠭᠡᠨ ᠤᠷᠭᠤᠭ᠋ᠠᠳ ᠮᠧᠳ᠋ᠷ ᠭᠠᠷᠤᠢ ᠥᠨᠳᠥᠷ ᠪᠣᠯᠳᠠᠭ᠃ ᠰᠠᠯᠬᠢᠨ᠎ᠢ ᠬᠤᠷᠢᠭᠯᠠᠨ ᠡᠯᠡᠰᠦ ᠵᠢ ᠲᠣᠭᠲᠠᠪᠤᠷᠢᠵᠢᠭᠤᠯᠬᠤ ᠨᠢᠭᠡ ᠲᠥᠷᠥᠯ᠎ᠤᠨ ᠪᠤᠲᠠᠯᠢᠭ ᠮᠣᠳᠣ ᠪᠣᠯᠬᠤᠷ ᠪᠡᠯᠴᠢᠭᠡᠷ᠎ᠤᠨ ᠬᠠᠯᠬᠠᠪᠴᠢ ᠣᠢ᠂ ᠲᠦᠯᠡᠰᠢ ᠵᠢᠨ ᠣᠢ᠂ ᠲᠠᠸᠠᠷ᠎ᠤᠨ ᠣᠢ᠎ᠪᠠᠷ ᠲᠠᠷᠢᠵᠦ ᠪᠣᠯᠣᠨ᠎ᠠ᠃ ᠰᠠᠯᠠᠭ᠎ᠠ ᠨᠠᠮᠠᠭ᠎ᠠ᠂ ᠨᠠᠪᠴᠢ᠎ᠨᠢ ᠵᠥᠭᠡᠯᠡᠨ᠂ ᠮᠠᠯ᠎ᠤᠳ ᠢᠳᠡᠬᠦ ᠳᠤᠷᠠᠲᠠᠢ᠃ ᠪᠤᠷᠭ᠋ᠠᠰᠤᠨ ᠨᠠᠶ᠋ᠢᠭᠤᠯᠵᠠᠭᠤᠷ ᠵᠶ᠋ᠠᠷ᠎ᠨᠢ ᠭᠦᠷᠦᠮᠡᠯ ᠬᠦᠷᠦᠵᠦ ᠪᠣᠷᠣᠯᠠᠭᠤᠯᠵᠤ ᠪᠣᠯᠬᠤ ᠪᠥᠭᠡᠳ ᠭᠡᠷ ᠪᠠᠷᠢᠯᠭ᠎ᠠ᠎ᠳᠤ ᠬᠡᠷᠡᠭᠯᠡᠬᠦ᠂ ᠬᠦᠷᠢᠶ᠎ᠡ ᠬᠠᠰᠢᠶ᠎ᠠ ᠪᠠᠷᠢᠵᠤ ᠪᠣᠯᠳᠠᠭ᠃

      ᠪᠤᠷᠭ᠋ᠠᠰᠤ ᠪᠣᠯ ᠡᠯᠡᠰᠦᠨ ᠨᠤᠲᠤᠭ᠎ᠤᠨ ᠨᠡᠷ᠎ᠡ ᠦᠭᠡᠢ ᠮᠣᠳᠣᠨ ᠮᠠᠲ᠋ᠧᠷᠢᠶᠡᠯ ᠪᠣᠯᠬᠤ ᠶᠤᠮ᠃ ᠪᠤᠷᠭ᠋ᠠᠰᠤ ᠵᠢ ᠬᠠᠪᠤᠷ ᠨᠠᠮᠤᠷ ᠪᠦᠷ ᠵᠠᠶ᠋ᠢᠯᠠᠵᠤ ᠪᠤᠯᠠᠬᠤ ᠪᠥᠭᠡᠳ ᠭᠤᠣᠯᠳᠠᠭᠤ ᠲᠠᠭ᠋ᠠᠷᠢᠳᠠᠰᠤ ᠵᠢ ᠬᠠᠳᠬᠤᠵᠤ ᠵᠠᠶ᠋ᠢᠯᠠᠬᠤ ᠠᠷᠭ᠎ᠠ ᠵᠢ ᠬᠡᠷᠡᠭᠯᠡᠳᠡᠭ᠃ ᠬᠤᠶᠠᠷ᠎ᠠᠴᠠ ᠭᠤᠷᠪᠠᠨ ᠵᠢᠯ ᠤᠷᠭᠤᠭᠰᠠᠨ ᠪᠤᠷᠭ᠋ᠠᠰᠤ ᠵᠢ ᠨᠢᠭᠡ ᠲᠣᠬᠤᠢ ᠬᠢᠷᠢᠲᠡᠢ ᠳᠠᠭ᠋ᠠᠷᠢᠵᠤ᠂ ᠤᠰᠤᠨ᠎ᠳᠤ ᠨᠢᠭᠡ ᠭᠠᠷᠴᠠᠭ ᠲᠠᠯᠪᠢᠭᠰᠠᠨ᠎ᠤ ᠳᠠᠷᠠᠭ᠎ᠠ ᠲᠠᠷᠢᠨ᠎ᠠ᠃ ᠲᠠᠷᠢᠬᠤ᠎ᠳᠠᠭᠠᠨ ᠮᠠᠩᠬᠠᠨ᠎ᠤ ᠤᠰᠤ ᠴᠢᠬᠢᠭ᠎ᠲᠠᠢ ᠬᠥᠮᠥᠬᠡᠢ ᠭᠠᠵᠠᠷ ᠲᠠᠷᠢᠪᠠᠯ ᠡᠳᠡᠭᠡᠷᠡᠯᠲᠡ ᠵᠢᠨ ᠨᠣᠷᠮ᠎ᠠ᠎ᠨᠢ ᠰᠠᠶ᠋ᠢᠨ ᠪᠠᠶ᠋ᠢᠳᠠᠭ᠃ ᠪᠠᠰᠠ ᠤᠰᠤᠨ ᠵᠠᠮ᠎ᠤᠨ ᠬᠥᠪᠡᠭᠡ ᠪᠠ ᠲᠠᠷᠢᠶᠠᠯᠠᠬᠤ ᠭᠠᠵᠠᠷ᠎ᠤᠨ ᠬᠠᠯᠬᠠᠪᠴᠢ ᠣᠢ ᠪᠣᠯᠭ᠋ᠠᠨ ᠲᠠᠷᠢᠪᠠᠯ ᠡᠳᠡᠭᠡᠷᠡᠯᠲᠡ ᠵᠢᠨ ᠨᠣᠷᠮ᠎ᠠ᠎ᠨᠢ 100%᠎ᠳᠤ ᠬᠦᠷᠴᠦ ᠴᠢᠳᠠᠨ᠎ᠠ᠃ ᠠᠨᠵᠢᠰᠤ᠎ᠪᠠᠷ ᠬᠥᠷᠥᠰᠥ ᠵᠢ ᠬᠠᠭ᠋ᠠᠯᠪᠤᠷᠢᠯᠠᠨ ᠲᠠᠭ᠋ᠠᠷᠢᠳᠠᠰᠤ ᠵᠢᠨ ᠰᠠᠯᠠᠭ᠎ᠠ ᠵᠢ ᠵᠠᠰᠠᠬᠤ ᠦᠭᠡᠢ᠎ᠪᠠᠷ ᠳᠠᠷᠤᠵᠤ ᠣᠷᠣᠭᠤᠯᠤᠨ ᠲᠠᠷᠢᠬᠤ᠂ ᠴᠠᠶ᠋ᠢᠳᠠᠮ᠎ᠤᠨ ᠬᠥᠪᠡᠭᠡ᠂ ᠵᠡᠷᠳᠡᠮ ᠭᠠᠵᠠᠷ ᠲᠠᠷᠢᠬᠤ᠎ᠳᠤ ᠪᠦᠷ ᠲᠣᠬᠢᠷᠠᠨ᠎ᠠ᠃ ᠪᠤᠷᠭ᠋ᠠᠰᠤ ᠪᠣᠯ ᠪᠦᠳᠦᠭᠦᠯᠢᠭ ᠠᠷᠠᠴᠢᠯᠠᠭ᠎ᠠ᠎ᠳᠤ ᠲᠣᠬᠢᠷᠠᠭᠰᠠᠨ ᠤᠷᠭᠤᠴᠠ ᠰᠠᠶ᠋ᠢᠲᠠᠢ ᠤᠷᠭᠤᠮᠠᠯ ᠪᠣᠯᠣᠨ᠎ᠠ᠃ ᠬᠤᠷ᠎ᠠ ᠪᠣᠷᠣᠭ᠋ᠠᠨ ᠡᠯᠪᠡᠭ ᠵᠢᠯ ᠡᠯᠡᠰᠦ ᠮᠠᠩᠬᠠᠨ᠎ᠤ ᠬᠥᠪᠡᠭᠡ᠎ᠪᠠᠷ ᠠᠶᠠᠨᠳᠠᠭ᠋ᠠᠨ ᠤᠷᠭᠤᠵᠤ ᠪᠠᠶ᠋ᠢᠳᠠᠭ᠃ ᠡᠶ᠋ᠢᠮᠦ᠎ᠠᠴᠠ ᠡᠯᠡᠰᠦ ᠮᠠᠩᠬ᠎ᠠ ᠵᠢ ᠲᠣᠭᠲᠠᠪᠤᠷᠢᠵᠢᠭᠤᠯᠵᠤ᠂ ᠨᠤᠲᠤᠭ ᠪᠡᠯᠴᠢᠭᠡᠷ ᠵᠶ᠋ᠠᠨ ᠪᠦᠲᠦᠭᠡᠨ ᠪᠠᠶ᠋ᠢᠭᠤᠯᠬᠤ᠎ᠳᠤ ᠪᠤᠷᠭ᠋ᠠᠰᠤ ᠲᠠᠷᠢᠵᠦ ᠪᠤᠶ᠋ᠢᠵᠢᠭᠤᠯᠪᠠᠯ ᠠᠰᠢᠭ᠎ᠲᠠᠢ᠃ ᠪᠢᠳᠠ ᠨᠤᠲᠤᠭ ᠪᠡᠯᠴᠢᠭᠡᠷ ᠵᠶ᠋ᠠᠨ ᠨᠣᠭᠤᠭ᠋ᠠᠷᠠᠭᠤᠯᠤᠶ᠎ᠠ ᠭᠡᠪᠡᠯ ᠤᠷᠢᠳᠠᠪᠠᠷ ᠪᠤᠷᠭ᠋ᠠᠰᠤ ᠵᠢ ᠲᠠᠷᠢᠵᠦ᠂ ᠳᠠᠷᠠᠭ᠎ᠠ᠎ᠨᠢ ᠣᠢ ᠮᠣᠳᠣ᠎ᠪᠠᠨ ᠲᠠᠷᠢᠵᠦ ᠪᠤᠶ᠋ᠢᠵᠢᠭᠤᠯᠪᠠᠯ ᠰᠠᠶ᠋ᠢᠨ᠃ ᠪᠤᠷᠭ᠋ᠠᠰᠤ ᠳᠠᠷᠢᠭᠰᠠᠨ ᠭᠠᠵᠠᠷ᠎ᠨᠢ ᠬᠥᠷᠥᠰᠥ ᠰᠢᠷᠣᠢ᠎ᠢ ᠰᠢᠮᠡᠵᠢᠭᠦᠯᠵᠦ᠂ ᠤᠰᠤ ᠴᠢᠭᠢᠭ᠎ᠢ ᠬᠠᠮᠠᠭ᠋ᠠᠯᠠᠳᠠᠭ᠎ᠠᠴᠠ ᠪᠤᠰᠤᠳ ᠤᠷᠭᠤᠮᠠᠯ᠎ᠤ ᠣᠷᠣᠰᠢᠨ ᠲᠣᠭᠲᠠᠨᠢᠬᠤ ᠵᠢᠨ ᠠᠩᠬᠠᠨ᠎ᠤ ᠰᠠᠭᠤᠷᠢ ᠵᠢ ᠲᠠᠯᠪᠢᠳᠠᠭ᠃ ᠪᠤᠷᠭ᠋ᠠᠰᠤ᠎ᠪᠠᠨ ᠳᠠᠷᠢᠭᠰᠠᠨ᠎ᠤ ᠳᠠᠷᠠᠭ᠎ᠠ᠂ 3 — 4 ᠵᠢᠯ ᠪᠣᠯᠪᠠᠯ ᠪᠦᠬᠦᠨ᠎ᠢ ᠬᠥᠷᠥᠰᠥ ᠵᠢᠨ ᠳᠡᠭᠡᠭᠦᠷ ᠲᠡᠭᠰᠢ ᠬᠢᠷᠭ᠋ᠠᠵᠤ ᠠᠪᠤᠪᠠᠯ ᠢᠷᠡᠬᠦ ᠵᠢᠯ᠎ᠳᠤ ᠢᠭ᠍ᠴᠢ ᠰᠠᠬᠤᠯᠢᠭ ᠤᠷᠭᠤᠵᠤ᠂ ᠤᠯᠠᠮ ᠵᠶ᠋ᠠᠷ ᠰᠠᠬᠤᠯᠢᠭ ᠤᠷᠭᠤᠵᠤ᠂ ᠤᠯᠠᠮ ᠵᠶ᠋ᠠᠷ ᠰᠠᠬᠤᠯᠢᠭ ᠪᠣᠯᠳᠠᠭ᠃


     《ᠮᠠᠯ ᠲᠠᠷᠢᠶᠠᠠᠯᠠᠩ᠎ᠤᠨ ᠭᠡᠷᠡᠭᠯᠡᠬᠡᠨ᠎ᠤ ᠰᠢᠨ᠎ᠡ ᠮᠡᠷᠭᠡᠵᠢᠯ》 ᠬᠡᠬᠦ ᠨᠤᠮ᠎ᠠᠴᠠ ᠪᠠᠭᠤᠯᠭ᠋ᠠᠪᠠ
   

ᠢᠷᠡᠯᠲᠡ᠄ ᠦᠣᠰᠢᠨ ᠬᠤᠰᠢᠭᠤᠨ᠎ᠤ ᠠᠷᠡᠳ᠎ᠤᠨ ᠵᠠᠰᠠᠭ᠎ᠤᠨ ᠣᠷᠳᠣᠨ᠎ᠤ ᠮᠣᠩᠭᠤᠯ ᠰᠦᠯᠵᠢᠶ᠎ᠠ
          
ᠬᠠᠮᠢᠶ᠎ᠡ ᠪᠦᠬᠦᠢ ᠰᠣᠨᠢᠨ
ᠮᠠᠨ᠎ᠤ ᠤᠯᠤᠰ᠎ᠤᠨ ᠲᠠᠯ᠎ᠠ ᠨᠤᠲᠤᠭ᠎ᠤᠨ ᠲᠦᠷᠦᠯ ᠵᠦᠢ᠍ᠯ
ᠲᠠᠯ᠎ᠠ ᠨᠤᠲᠤᠭ᠎ᠤᠨ ᠭᠠᠯ ᠲᠦᠢ᠍ᠮᠡᠷ᠎ᠤᠨ ᠡᠬᠢ ᠰᠤᠷᠪᠤᠯᠵᠢ
ᠨᠡᠭᠦᠷᠡᠰᠦᠲᠥ᠋ᠷᠥᠭᠴᠢ ᠵᠢᠨ ᠰᠠᠭ᠋ᠠᠷᠮᠠᠭᠵᠢᠯ᠎ᠳᠤ ᠬᠦᠴᠦ ᠨᠡᠮᠡᠷᠢᠯᠡᠬᠦ᠎ᠳᠤ ᠪᠢᠳᠡ ᠶᠠᠭᠤ ᠶᠠᠭᠤ ᠬᠢᠵᠦ ᠪᠣᠯᠬᠤ ᠪᠤᠢ?
ᠡᠪᠡᠰᠦ ᠤᠷᠭᠤᠮᠠᠯ᠂ ᠨᠤᠲᠤᠭ ᠪᠡᠯᠴᠢᠭᠡᠷ᠎ᠲᠠᠢ ᠬᠤᠯᠪᠤᠭᠳᠠᠬᠤ ᠴᠡᠭᠡᠷ ᠶᠤᠰᠤᠨ
ᠮᠤᠳᠤᠨ᠎ᠤ ᠵᠢᠯ᠎ᠤᠨ ᠴᠠᠭ᠋ᠠᠷᠢᠭ ᠵᠢᠨ ᠲᠤᠬᠠᠢ ᠵᠢᠵᠢᠭ ᠮᠡᠳᠡᠯᠬᠡ
 
             蒙ICP备05000248号