1. ᠵᠦᠯᠭᠡᠲᠦ ᠲᠠᠯ᠎ᠠ ᠨᠤᠲᠤᠭ᠄ ᠭᠤᠤᠯᠳᠠᠭᠤ ᠰᠦᠩ ᠯᠢᠶᠤᠤ ᠵᠢᠨ ᠲᠠᠯ᠎ᠠ ᠭᠠᠵᠠᠷ ᠪᠤᠯᠤᠨ ᠦᠪᠦᠷ ᠮᠤᠩᠭᠤᠯ᠎ᠤᠨ ᠦᠨᠳᠦᠷᠯᠢᠭ᠎ᠤᠨ ᠵᠡᠬᠦᠨ ᠬᠡᠰᠡᠭ᠎ᠤᠨ ᠵᠠᠬ᠎ᠠ᠎ᠪᠠᠷ ᠲᠠᠷᠬᠠᠵᠤ ᠪᠠᠢ᠌ᠨ᠎ᠠ᠃ ᠲᠦᠷᠦᠯ ᠵᠦᠢ᠍ᠯ᠎ᠨᠢ ᠡᠯᠪᠡᠭ᠂ ᠪᠦᠷᠬᠦᠴᠡ ᠵᠢᠨ ᠬᠡᠮᠵᠢᠶ᠎ᠡ᠎ᠪᠠᠷ ᠶᠡᠬᠡ᠃ ᠦᠢ᠍ᠯᠡᠳᠪᠦᠷᠢᠯᠡᠬᠦ ᠬᠦᠴᠦᠨ ᠨᠡᠯᠢᠶᠠᠳ ᠦᠨᠳᠦᠷ᠂ ᠡᠪᠡᠰᠦᠨ ᠪᠦᠯᠦᠭᠯᠡᠯ ᠲᠤᠳᠤᠷ᠎ᠠ ᠶᠡᠬᠡ ᠬᠡᠮᠵᠢᠶᠡᠨ᠎ᠤ ᠶᠡᠷᠦ ᠵᠢᠨ ᠴᠢᠭᠢᠭ᠎ᠲᠤ ᠤᠷᠭᠤᠳᠠᠭ ᠡᠯᠳᠡᠪ ᠵᠦᠢ᠍ᠯ᠎ᠤᠨ ᠡᠪᠡᠰᠦ ᠠᠭᠤᠯᠤᠭᠳᠠᠭᠰᠠᠨ ᠪᠠᠢ᠌ᠳᠠᠭ᠃
2. ᠨᠡᠢ᠌ᠲᠡᠯᠢᠭ ᠲᠠᠯ᠎ᠠ ᠨᠤᠲᠤᠭ᠄ ᠭᠤᠤᠯᠳᠠᠭᠤ ᠦᠪᠦᠷ ᠮᠤᠩᠭᠤᠯ᠎ᠤᠨ ᠦᠨᠳᠦᠷᠯᠢᠭ᠂ ᠵᠡᠬᠦᠨ ᠬᠤᠢ᠌ᠲᠦ ᠵᠢᠨ ᠲᠠᠯ᠎ᠠ ᠭᠠᠵᠠᠷ᠎ᠤᠨ ᠪᠠᠷᠠᠭᠤᠨ ᠡᠮᠦᠨᠡᠲᠦ ᠬᠡᠰᠡᠭ᠂ ᠰᠢᠷ᠎ᠠ ᠬᠦᠷᠦᠰᠦᠲᠦ ᠦᠨᠳᠦᠷᠯᠢᠭ᠎ᠤᠨ ᠲᠤᠮᠳᠠ ᠪᠠᠷᠠᠭᠤᠨ ᠬᠡᠰᠡᠭ ᠬᠢᠭᠡᠳ ᠠᠯᠳᠠᠢ ᠠᠭᠤᠯᠠ᠂ ᠲᠡᠭᠷᠢ ᠠᠭᠤᠯᠠ ᠪᠠ ᠴᠢᠯᠢᠶᠠᠨᠱ᠌ᠠᠨ ᠠᠭᠤᠯᠠ ᠵᠡᠷᠭᠡ ᠳᠠᠯᠠᠢ ᠵᠢᠨ ᠲᠦᠪᠰᠢᠨ᠎ᠠᠴᠠ ᠨᠡᠯᠢᠶᠠᠳ ᠦᠨᠳᠦᠷ ᠭᠠᠵᠠᠷ ᠤᠷᠤᠨ᠎ᠳᠤ ᠪᠤᠢ᠃ ᠵᠦᠯᠭᠡᠲᠦ ᠲᠠᠯ᠎ᠠ ᠨᠤᠲᠤᠭ᠎ᠲᠠᠢ ᠬᠠᠷᠢᠴᠠᠭᠤᠯᠪᠠᠯ᠂ ᠲᠦᠷᠦᠯ ᠵᠦᠢ᠍ᠯ ᠵᠶ᠋ᠡᠷ ᠡᠯᠪᠡᠭ᠂ ᠭᠡᠪᠡᠴᠦ ᠬᠡᠮᠵᠢᠶ᠎ᠡ᠎ᠨᠢ ᠢᠯᠡᠳᠳᠠ ᠲᠤᠷᠤᠭᠰᠢᠯᠠᠵᠤ᠂ ᠪᠦᠷᠬᠦᠴᠡ᠎ᠨᠢ ᠬᠠᠰᠤᠭᠳᠠᠵᠤ᠂ ᠦᠢ᠍ᠯᠡᠳᠪᠦᠷᠢᠯᠡᠬᠦ ᠬᠦᠴᠦᠨ᠎ᠨᠢ ᠪᠠᠭᠤᠷᠠᠳᠠᠭ᠃ ᠡᠪᠡᠰᠦᠨ ᠪᠦᠯᠦᠭᠯᠡᠯ ᠲᠤᠳᠤᠷ᠎ᠠ᠎ᠨᠢ ᠭᠠᠩ᠎ᠢ ᠳᠠᠭ᠋ᠠᠭ᠋ᠠᠳᠠᠭ ᠪᠤᠲᠠ ᠡᠪᠡᠰᠦ ᠪᠠᠢ᠌ᠷᠢ ᠵᠢ ᠡᠵᠡᠯᠡᠨ᠎ᠡ᠃
3. ᠬᠡᠭᠡᠷ᠎ᠡ ᠲᠠᠯ᠎ᠠ ᠨᠤᠲᠤᠭ᠄ ᠭᠤᠤᠯᠳᠠᠭᠤ ᠦᠪᠦᠷ ᠮᠤᠩᠭᠤᠯ᠎ᠤᠨ ᠦᠨᠳᠦᠷᠯᠢᠭ᠎ᠤᠨ ᠬᠤᠢ᠌ᠲᠦ ᠬᠡᠰᠡᠭ ᠪᠤᠯᠤᠨ ᠴᠢᠯᠢᠶᠠᠨᠱ᠌ᠠᠨ ᠠᠭᠤᠯᠠ᠂ ᠲᠡᠭᠷᠢ ᠠᠭᠤᠯᠠ ᠵᠡᠷᠭᠡ ᠭᠠᠵᠠᠷ᠎ᠲᠤ ᠲᠠᠷᠬᠠᠵᠤ ᠪᠠᠢ᠌ᠨ᠎ᠠ᠃ ᠲᠡᠷᠡ᠎ᠨᠢ ᠲᠠᠯ᠎ᠠ ᠨᠤᠲᠤᠭ᠎ᠤᠨ ᠤᠷᠭᠤᠮᠠᠯ᠎ᠤᠨ ᠪᠦᠷᠬᠦᠴᠡ ᠲᠤᠳᠤᠷ᠎ᠠ ᠭᠠᠩ᠎ᠢ ᠳᠠᠭ᠋ᠠᠭ᠋ᠠᠵᠤ ᠤᠷᠭᠤᠬᠤ ᠬᠢᠷᠢ ᠬᠡᠮᠵᠢᠶ᠎ᠡ᠎ᠪᠠᠷ ᠬᠠᠮᠤᠭ᠎ᠤᠨ ᠴᠢᠩᠭ᠎ᠠ ᠨᠢᠭᠡ ᠲᠦᠷᠦᠯ ᠪᠤᠯᠤᠨ᠎ᠠ᠃ ᠲᠦᠷᠦᠯ ᠵᠦᠢ᠍ᠯ᠎ᠤᠨ ᠡᠯᠪᠡᠭ᠎ᠤᠨ ᠬᠡᠮᠵᠢᠶ᠎ᠡ᠂ ᠲᠠᠯ᠎ᠠ ᠨᠤᠲᠤᠭ᠎ᠤᠨ ᠦᠨᠳᠦᠷ᠎ᠤᠨ ᠬᠡᠮᠵᠢᠶ᠎ᠡ᠂ ᠪᠦᠯᠦᠭᠯᠡᠭᠰᠡᠨ ᠪᠡᠶ᠎ᠡ ᠵᠢᠨ ᠪᠦᠷᠬᠦᠴᠡ ᠵᠢᠨ ᠬᠡᠮᠵᠢᠶ᠎ᠡ ᠪᠠ ᠦᠢ᠍ᠯᠡᠳᠪᠦᠷᠢᠯᠡᠬᠦ ᠬᠦᠴᠦᠨ ᠵᠡᠷᠭᠡ ᠲᠠᠯ᠎ᠠ᠎ᠪᠠᠷ ᠪᠦᠷ ᠨᠡᠢ᠌ᠲᠡᠯᠢᠭ ᠲᠠᠯ᠎ᠠ ᠨᠤᠲᠤᠭ᠎ᠠᠴᠠ ᠢᠯᠡᠳᠲᠡ ᠲᠤᠤᠷ᠎ᠠ ᠪᠠᠢ᠌ᠳᠠᠭ᠃ ᠪᠦᠯᠦᠭᠯᠡᠭᠰᠡᠨ ᠪᠡᠶ᠎ᠡ ᠵᠢᠨ ᠠᠮᠢ ᠠᠬᠤᠢ ᠵᠢᠨ ᠪᠦᠲᠦᠴᠡ᠎ᠨᠢ ᠭᠠᠩ᠎ᠢ ᠳᠠᠭ᠋ᠠᠭ᠋ᠠᠵᠤ ᠤᠷᠭᠤᠳᠠᠭ ᠵᠢᠵᠢᠭ ᠪᠤᠲᠠ ᠮᠤᠳᠤ ᠶᠡᠬᠡ ᠬᠡᠪᠴᠢᠶ᠎ᠡ᠎ᠪᠠᠷ ᠤᠷᠭᠤᠳᠠᠭ᠃
4. ᠦᠨᠳᠦᠷᠯᠢᠭ᠎ᠤᠨ ᠬᠦᠢ᠍ᠲᠡᠷᠬᠡᠭ ᠲᠠᠯ᠎ᠠ ᠨᠤᠲᠤᠭ᠄ ᠳᠠᠯᠠᠢ ᠵᠢᠨ ᠲᠦᠪᠰᠢᠨ᠎ᠠᠴᠠ ᠨᠡᠯᠢᠶᠠᠳ ᠦᠨᠳᠦᠷ᠂ ᠠᠭᠤᠷ ᠠᠮᠢᠰᠬᠤᠯ ᠭᠠᠩᠳᠠᠮᠠᠯ ᠬᠦᠢ᠍ᠲᠡᠨ ᠭᠠᠵᠠᠷ ᠤᠷᠤᠨ᠎ᠳᠤ ᠤᠨᠴᠠᠭ᠋ᠠᠢ ᠪᠠᠢ᠌ᠳᠠᠭ ᠲᠠᠯ᠎ᠠ ᠨᠤᠲᠤᠭ᠎ᠤᠨ ᠨᠢᠭᠡ ᠲᠦᠷᠦᠯ ᠪᠤᠯᠤᠨ᠎ᠠ᠃ ᠭᠤᠤᠯᠳᠠᠭᠤ ᠬᠦᠬᠡᠨᠡᠭᠤᠷ ᠲᠦᠪᠡᠳ᠎ᠤᠨ ᠦᠨᠳᠦᠷᠯᠢᠭ᠂ ᠫᠠᠮᠢᠷ᠎ᠤᠨ ᠦᠨᠳᠦᠷᠯᠢᠭ ᠪᠤᠯᠤᠨ ᠴᠢᠯᠢᠶᠠᠨᠱ᠌ᠠᠨ ᠠᠭᠤᠯᠠ ᠵᠢᠴᠢ ᠲᠡᠭᠷᠢ ᠠᠭᠤᠯᠠ ᠵᠡᠷᠭᠡ ᠳᠠᠯᠠᠢ ᠵᠢᠨ ᠲᠦᠪᠰᠢᠨ᠎ᠠᠴᠠ ᠨᠡᠯᠢᠶᠠᠳ ᠦᠨᠳᠦᠷ ᠭᠠᠵᠠᠷ ᠤᠷᠤᠨ᠎ᠳᠤ ᠲᠠᠷᠬᠠᠵᠤ ᠪᠠᠢ᠌ᠨ᠎ᠠ᠃ ᠲᠡᠷᠡ᠎ᠨᠢ ᠬᠦᠢ᠍ᠲᠡᠨ ᠬᠠᠭᠤᠷᠠᠢ᠎ᠳᠤ ᠲᠡᠰᠪᠦᠷᠢᠳᠠᠢ ᠤᠷᠭᠤᠳᠠᠭ ᠤᠯᠠᠨ ᠨᠠᠰᠤᠲᠤ ᠡᠪᠡᠰᠦᠯᠢᠭ ᠤᠷᠭᠤᠮᠠᠯ᠂ ᠦᠨᠳᠦᠰᠦᠯᠢᠭ ᠡᠰᠢᠲᠦ ᠬᠦᠪ᠎ᠲᠦ ᠡᠪᠡᠰᠦ ᠪᠤᠯᠤᠨ ᠪᠤᠳᠠᠷᠭ᠋ᠠᠨᠠᠪᠠᠷ ᠪᠦᠲᠦᠵᠦ ᠪᠦᠯᠦᠭᠯᠡᠵᠦ ᠲᠦᠷᠦᠯᠵᠢᠬᠦ ᠪᠦᠲᠦᠴᠡ᠎ᠪᠠᠨ ᠪᠤᠯᠭ᠋ᠠᠳᠠᠭ᠃ ᠡᠬᠦᠨ᠎ᠤ ᠬᠠᠮᠳᠤ ᠬᠦᠷᠦᠰᠦᠯᠢᠭ ᠤᠷᠭᠤᠮᠠᠯ ᠪᠤᠯᠤᠨ ᠠᠭᠤᠯᠠ ᠵᠢᠨ ᠪᠤᠰᠤᠳ ᠤᠷᠭᠤᠮᠠᠯ᠎ᠤᠨ ᠲᠦᠷᠦᠯ ᠢᠯᠡᠷᠡᠵᠦ᠂ ᠡᠪᠡᠰᠦᠨ᠎ᠤ ᠪᠦᠯᠦᠭᠯᠡᠯ᠎ᠨᠢ ᠰᠡᠢ᠌ᠷᠡᠭ᠂ ᠤᠷᠭᠤᠯᠳᠠ᠎ᠨᠢ ᠪᠤᠭᠤᠨᠢ᠂ ᠪᠦᠷᠬᠦᠴᠡ ᠵᠢᠨ ᠬᠡᠮᠵᠢᠶ᠎ᠡ᠎ᠨᠢ ᠪᠠᠭ᠎ᠠ᠂ ᠲᠡᠰ ᠳᠠᠷᠠᠭ᠋ᠠᠯᠠᠯ ᠪᠦᠲᠦᠴᠡ᠎ᠨᠢ ᠲᠦᠬᠦᠮᠭᠡᠨ᠂ ᠦᠢ᠍ᠯᠡᠳᠪᠦᠷᠢᠯᠡᠯ᠎ᠤᠨ ᠬᠦᠴᠦᠨ ᠲᠤᠤᠷ᠎ᠠ ᠪᠠᠢ᠌ᠳᠠᠭ ᠤᠨᠴᠠᠯᠢᠭ᠎ᠲᠠᠢ᠃
ᠴᠢᠯᠠᠭᠤᠨᠪᠠᠭ᠋ᠠᠲᠤᠷᠤᠨ 《ᠲᠠᠯ᠎ᠠ ᠨᠤᠲᠤᠭ᠎ᠤᠨ ᠭᠠᠯ ᠲᠦᠢ᠍ᠮᠡᠷ ᠰᠡᠷᠭᠡᠢ᠌ᠯᠡᠯᠲᠡ》 ᠭᠡᠬᠦ ᠨᠤᠮ᠎ᠠᠴᠠ ᠬᠠᠭᠤᠯᠠᠪᠦᠷᠢᠯᠠᠪᠠ᠃