△ ᠨᠤᠲᠤᠭ ᠪᠡᠯᠴᠢᠭᠡᠷ᠎ᠢ ᠨᠦᠬᠡᠯᠡᠬᠦ᠂ ᠡᠪᠳᠡᠬᠦ ᠵᠢ ᠴᠡᠭᠡᠷᠯᠡᠨ᠎ᠡ᠃ ᠮᠤᠷᠢ ᠠᠷᠭ᠋ᠠᠮᠵᠢᠬᠤ᠂ ᠵᠡᠯ᠎ᠡ ᠲᠠᠲᠠᠬᠤ ᠮᠡᠲᠦ ᠵᠢᠨ ᠠᠵᠢᠯ ᠦᠢ᠍ᠯᠡ ᠵᠢᠨ ᠬᠡᠷᠡᠭᠴᠡᠭᠡ᠎ᠪᠠᠷ ᠭᠠᠵᠠᠷ ᠳᠡᠭᠡᠷ᠎ᠡ ᠭᠠᠳᠠᠰᠤ ᠰᠢᠭ᠋ᠠᠵᠤ ᠪᠣᠯᠳᠠᠭ ᠪᠣᠯᠪᠠᠴᠤ ᠬᠡᠷᠡᠭᠯᠡᠵᠦ ᠳᠠᠭᠤᠰᠪᠠᠯ ᠨᠦᠬᠡ ᠵᠢ᠎ᠨᠢ ᠵᠠᠪᠠᠯ ᠪᠦᠭᠯᠡᠵᠦ ᠲᠠᠯᠪᠢᠨ᠎ᠠ᠃
△ ᠮᠠᠯ᠎ᠤᠨ ᠪᠡᠯᠴᠢᠭᠡᠷ᠎ᠲᠤ ᠮᠠᠯ᠎ᠤᠨ ᠦᠬᠦᠳᠡᠯ ᠪᠣᠶᠣ ᠬᠦᠮᠦᠨ᠎ᠤ ᠬᠡᠭᠦᠷ᠎ᠢ ᠳᠤᠷ᠎ᠠ᠎ᠪᠠᠷ ᠬᠠᠶᠠᠬᠤ ᠵᠢ ᠴᠡᠭᠡᠷᠯᠡᠨ᠎ᠡ᠃ ᠪᠡᠯᠴᠢᠭᠡᠷ ᠤᠰᠤᠨ᠎ᠤ ᠳᠡᠷᠭᠡᠲᠡ ᠡᠯᠳᠡᠪ ᠮᠠᠭᠤᠬᠠᠢ ᠤᠷᠠᠩᠬᠠᠢ ᠪᠠ ᠭ᠋ᠬᠢᠷ ᠴᠢᠰᠤᠲᠠᠢ ᠬᠤᠪᠴᠠᠰᠤ ᠬᠤᠨᠠᠷ ᠬᠠᠶᠠᠬᠤ ᠵᠢ ᠴᠡᠭᠡᠷᠯᠡᠨ᠎ᠡ᠃ ᠨᠤᠲᠤᠭ ᠪᠡᠯᠴᠢᠭᠡᠷ᠎ᠢ ᠪᠤᠵᠠᠷᠯᠠᠨ᠎ᠠ ᠭᠡᠳᠡᠭ᠃
△ ᠡᠪᠡᠰᠦ ᠨᠤᠭᠤᠭ᠎ᠠ ᠲᠠᠰᠤᠯᠬᠤ ᠵᠢ ᠴᠡᠭᠡᠷᠯᠡᠨ᠎ᠡ᠃ ᠤᠬᠤᠷ ᠨᠠᠰᠤᠯᠠᠨ᠎ᠠ ᠭᠡᠳᠡᠭ᠃
△ ᠭᠠᠯ ᠠᠯᠳᠠᠵᠤ ᠪᠡᠯᠴᠢᠭᠡᠷ ᠲᠦᠢ᠍ᠮᠡᠷᠳᠡᠬᠦ ᠵᠢ ᠡᠷᠡᠰ ᠴᠡᠭᠡᠷᠯᠡᠨ᠎ᠡ᠃
△ ᠡᠪᠡᠰᠦ ᠨᠤᠭᠤᠭ᠎ᠠ᠂ ᠴᠡᠴᠡᠭ ᠬᠤᠸᠠᠷᠢ ᠰᠠᠨᠠᠭ᠋ᠠᠨ᠎ᠤ ᠲᠠᠪᠠ᠎ᠪᠠᠷ ᠦᠭᠲᠡᠭᠡᠨ ᠵᠤᠯᠭ᠋ᠠᠭ᠋ᠠᠬᠤ᠂ ᠬᠠᠭᠤᠷᠠᠢ ᠬᠠᠭᠳᠠ ᠵᠢ ᠬᠠᠮᠤᠨ ᠠᠪᠬᠤ᠂ ᠲᠦᠯᠡᠰᠢ ᠰᠢᠲᠠᠭ᠋ᠠᠯᠭ᠎ᠠ ᠬᠢᠬᠦ ᠵᠡᠷᠭᠡ ᠵᠢ ᠴᠡᠭᠡᠷᠯᠡᠳᠡᠭ᠃
△ ᠠᠷᠴᠠ ᠽᠠᠨᠳᠠᠨᠢ ᠪᠣᠵᠠᠷᠯᠠᠬᠤ ᠵᠢ ᠴᠢᠩᠭ᠎ᠠ ᠴᠡᠭᠡᠷᠯᠡᠳᠡᠭ᠃ ᠠᠷᠴᠠ ᠽᠠᠨᠳᠠᠨᠢ ᠪᠣᠵᠠᠷ ᠮᠠᠭᠤᠬᠠᠢ ᠵᠢ ᠠᠷᠢᠭᠤᠯᠠᠬᠤ᠂ ᠴᠢᠳᠭᠦᠷ ᠰᠢᠮᠨᠤᠰᠢ ᠳᠠᠷᠤᠬᠤ ᠷᠢᠳᠢ ᠰᠢᠳᠢ᠎ᠲᠠᠢ ᠠᠷᠢᠭᠤᠨ ᠤᠷᠭᠤᠮᠠᠯ ᠭᠡᠵᠦ ᠠᠯᠢᠪᠠ ᠶᠠᠭᠤᠮᠠᠰ᠎ᠢ ᠠᠷᠢᠭᠤᠳᠬᠠᠬᠤ᠎ᠳᠤ ᠬᠡᠷᠡᠭᠯᠡᠳᠡᠭ᠎ᠤᠨ ᠤᠴᠢᠷ ᠪᠢᠯᠡ᠃
△ ᠨᠢᠯᠬ᠎ᠠ ᠨᠤᠭᠤᠭ᠎ᠠ᠂ ᠴᠡᠴᠡᠭ ᠨᠠᠪᠴᠢ ᠵᠢ ᠵᠤᠯᠭ᠋ᠠᠭ᠋ᠠᠬᠤ ᠵᠢ ᠴᠡᠭᠡᠷᠯᠡᠳᠡᠭ᠃