ᠠᠮᠠᠷᠬᠠᠨ ᠡᠳᠡᠭᠡᠷᠡᠵᠦ ᠲᠦᠷᠭᠡᠨ ᠤᠷᠭᠤᠬᠤ ᠤᠯᠠᠭ᠋ᠠᠨ ᠰᠤᠬᠠᠢ ᠪᠣᠯ ᠨᠢᠭᠡ ᠵᠦᠢ᠍ᠯ᠎ᠤᠨ ᠪᠤᠲᠠᠯᠢᠭ ᠪᠤᠶᠤ ᠪᠣᠭᠤᠨᠢ ᠲᠤᠷᠤᠭ ᠮᠣᠳᠣ ᠪᠣᠯᠣᠨ᠎ᠠ᠃ ᠲᠡᠷᠡ᠎ᠨᠢ ᠬᠠᠬᠢᠷ ᠬᠦᠢ᠍ᠲᠡᠨ ᠭᠠᠩ ᠬᠠᠭᠤᠷᠠᠢ ᠠᠭᠤᠷ ᠠᠮᠢᠰᠬᠤᠯ᠎ᠳᠤ ᠲᠣᠬᠢᠷᠠᠵᠤ ᠲᠠᠴᠢᠷ ᠨᠢᠮᠭᠡᠨ ᠭᠠᠵᠠᠷ᠂ ᠴᠢᠬᠢᠭᠯᠢᠭ ᠭᠠᠵᠠᠷ᠂ ᠬᠤᠵᠢᠷᠯᠢᠭ ᠭᠠᠵᠠᠷ᠎ᠲᠤ ᠪᠦᠷ ᠰᠠᠶ᠋ᠢᠨ ᠤᠷᠭᠤᠳᠠᠭ᠃ ᠭᠠᠩ ᠬᠠᠭᠰᠠᠷᠠᠭ᠋ᠠᠨ᠎ᠲᠠᠢ ᠵᠢᠯ᠎ᠳᠤ ᠣᠯᠠᠩᠬᠢ ᠲᠥᠷᠥᠯ᠎ᠤᠨ ᠮᠣᠳᠣ ᠤᠷᠭᠤᠯᠲᠠ ᠤᠳᠠᠭ᠋ᠠᠨ ᠪᠣᠯᠵᠤ ᠨᠠᠪᠴᠢ ᠨᠠᠬᠢᠶ᠎ᠠ᠎ᠨᠢ ᠰᠢᠷᠠᠯᠠᠵᠤ ᠬᠠᠳᠠᠬᠤ᠎ᠳᠤ ᠤᠯᠠᠭ᠋ᠠᠨ ᠰᠤᠬᠠᠢ ᠬᠠᠷᠢᠨ ᠵᠢᠯ᠎ᠳᠤ 20 — 40 ᠰᠡᠨᠲ᠋ᠢᠮᠤᠲᠷ ᠥᠨᠳᠥᠷ ᠤᠷᠭᠤᠵᠤ᠂ ᠤᠷᠭᠤᠵᠤ ᠭᠦᠢ᠍ᠴᠡᠭᠰᠡᠨ ᠮᠣᠳᠣ ᠵᠢᠨ ᠬᠠᠮᠤᠭ ᠥᠨᠳᠥᠷ᠎ᠨᠢ 5 ᠮᠤᠲᠷ ᠪᠣᠯᠳᠠᠭ᠃ ᠤᠯᠠᠭ᠋ᠠᠨ ᠰᠤᠬᠠᠢ ᠵᠢᠨ ᠨᠠᠪᠴᠢ᠎ᠨᠢ ᠰᠠᠯᠠᠭ᠎ᠠ ᠠᠷᠪᠢᠨ ᠪᠣᠯᠬᠤᠷ ᠪᠡᠶ᠎ᠡ ᠰᠡᠭᠦᠳᠡᠷ ᠶᠡᠬᠡᠲᠡᠢ ᠪᠥᠭᠡᠳ ᠤᠰᠤ ᠬᠠᠳᠠᠭ᠋ᠠᠯᠠᠨ ᠬᠥᠷᠥᠰᠥ ᠰᠢᠷᠣᠢ ᠵᠢ ᠬᠠᠮᠠᠭ᠋ᠠᠯᠠᠬᠤ ᠣᠨᠴᠠ ᠦᠢ᠍ᠯᠡᠳᠦᠯ᠎ᠲᠠᠢ ᠪᠠᠶ᠋ᠢᠳᠠᠭ᠃ ᠡᠶ᠋ᠢᠮᠦ᠎ᠠᠴᠠ ᠬᠤᠪᠠᠭ᠍ᠠᠢ ᠬᠤᠭᠤᠰᠤᠨ ᠬᠥᠲᠥᠯ ᠭᠠᠵᠠᠷ᠎ᠢ ᠨᠣᠭᠤᠭ᠋ᠠᠷᠠᠭᠤᠯᠬᠤ ᠰᠠᠶ᠋ᠢᠨ ᠮᠣᠳᠣ ᠪᠣᠯᠬᠤ ᠶᠤᠮ᠃ ᠤᠯᠠᠭ᠋ᠠᠨ ᠰᠤᠬᠠᠢ᠎ᠨᠢ ᠬᠠᠲᠠᠭᠤ᠂ ᠥᠷᠭᠡᠰᠦ ᠦᠭᠡᠢ᠂ ᠲᠣᠰᠣᠯᠢᠭ ᠪᠠᠶ᠋ᠢᠳᠠᠭ ᠵᠶ᠋ᠠᠷ ᠵᠶ᠋ᠠᠨ ᠲᠦᠯᠡᠰᠢ ᠪᠣᠯᠭ᠋ᠠᠪᠠᠯ ᠭᠠᠯ᠎ᠨᠢ ᠬᠦᠴᠦᠲᠡᠢ ᠪᠠᠶ᠋ᠢᠳᠠᠭ᠃ ᠨᠠᠮᠠᠭ᠎ᠠ ᠰᠠᠯᠠᠭ᠎ᠠ᠎ᠪᠠᠷ᠎ᠨᠢ ᠰᠠᠭᠰᠤ ᠰᠠᠷᠠᠯᠵᠢ ᠬᠦᠷᠦᠵᠦ ᠪᠣᠯᠬᠤ ᠪᠥᠭᠡᠳ ᠵᠥᠭᠡᠯᠡᠨ ᠨᠠᠮᠠᠭ᠎ᠠ᠎ᠨᠢ ᠪᠠᠰᠠ ᠡᠮ᠎ᠳᠤ ᠣᠷᠣᠵᠤ ᠪᠣᠯᠣᠨ᠎ᠠ᠃ ᠤᠯᠠᠭ᠋ᠠᠨ ᠰᠤᠬᠠᠢ ᠵᠢ ᠰᠠᠭᠤᠯᠭ᠋ᠠᠵᠤ ᠲᠠᠷᠢᠳᠠᠭ᠃ ᠲᠠᠷᠢᠭ᠋ᠠᠳ 3 ᠵᠢᠯ ᠳᠡᠭᠡᠷ᠎ᠡ᠎ᠨᠢ ᠨᠠᠮᠠᠭ᠎ᠠ ᠰᠠᠯᠠᠭ᠎ᠠ ᠵᠢ᠎ᠨᠢ ᠵᠠᠰᠠᠪᠠᠯ ᠤᠯᠠᠮ ᠲᠦᠷᠭᠡᠨ ᠤᠷᠭᠤᠳᠠᠭ᠃
《ᠮᠠᠯ ᠲᠠᠷᠢᠶᠠᠯᠠᠩ᠎ᠤᠨ ᠬᠡᠷᠡᠭᠯᠡᠭᠡᠨ᠎ᠤ ᠰᠢᠨ᠎ᠡ ᠮᠡᠷᠭᠡᠵᠢᠯ》 ᠭᠡᠬᠦ ᠨᠤᠮ᠎ᠠᠴᠠ ᠪᠠᠭᠤᠯᠭ᠋ᠠᠪᠠ᠃