ᠰᠡᠷᠢᠭᠦᠨ ᠪᠦᠰᠡ ᠵᠢᠨ ᠭᠠᠵᠠᠷ᠎ᠲᠤ ᠤᠷᠭᠤᠵᠤ ᠪᠠᠶ᠋ᠢᠭ᠎ᠠ ᠮᠤᠳᠤ᠎ᠨᠢ ᠳᠥᠷᠪᠡᠨ ᠤᠯᠠᠷᠢᠯ᠎ᠤᠨ ᠠᠭᠤᠷ ᠠᠮᠢᠰᠬᠤᠯ᠎ᠤᠨ ᠬᠤᠪᠢᠷᠠᠯᠲᠠ ᠵᠢᠨ ᠨᠦᠯᠦᠭᠡ ᠵᠢ ᠬᠦᠷᠳᠡᠵᠦ᠂ ᠠ᠋ᠰᠢᠨ ᠬᠡᠰᠡᠭ᠎ᠤᠨ ᠪᠦᠲᠦᠭᠦᠷᠡᠵᠦ ᠤᠷᠭᠤᠬᠤ᠎ᠨᠢ ᠮᠠᠰᠢ ᠲᠤᠳᠤᠷᠬᠠᠢ ᠵᠢᠮ᠎ᠡ ᠶᠤᠰᠤᠨ᠎ᠤ ᠬᠤᠪᠢᠷᠠᠯᠲᠠ ᠵᠢ ᠦᠵᠡᠭᠦᠯᠳᠡᠭ᠃ ᠬᠠᠪᠤᠷ᠎ᠤᠨ ᠤᠯᠠᠷᠢᠯ᠂ ᠠᠭᠤᠷ ᠠᠮᠢᠰᠬᠤᠯ ᠲᠤᠯᠭ᠋ᠠᠷᠠᠵᠤ ᠤᠰᠤ ᠪᠠ ᠰᠢᠮ᠎ᠡ ᠲᠡᠵᠢᠭᠡᠯ ᠲᠡᠭᠦᠯᠳᠡᠷ᠂ ᠮᠤᠳᠤᠨ᠎ᠤ ᠤᠷᠭᠤᠯᠲᠠ ᠬᠤᠷᠳᠤᠨ᠂ ᠪᠤᠢ ᠪᠤᠯᠤᠭᠰᠠᠨ ᠮᠤᠳᠤᠨ ᠮᠠᠲ᠋ᠧᠷᠢᠶᠠᠯ᠎ᠤᠨ ᠡᠵᠡᠯᠡᠭᠦᠨ᠎ᠨᠢ ᠶᠡᠬᠡ᠂ ᠮᠤᠳᠤᠨ ᠮᠠᠲ᠋ᠧᠷᠢᠶᠠᠯ᠎ᠤᠨ ᠴᠢᠨᠠᠷ᠎ᠨᠢ ᠰᠤᠯᠠ ᠰᠡᠶ᠋ᠢᠷᠡᠭ᠂ ᠠ᠋ᠭᠦᠨ᠎ᠢ ᠠ᠋ᠷᠳᠡ ᠵᠢᠨ ᠮᠠᠲ᠋ᠧᠷᠢᠶᠠᠯ ᠭᠡᠳᠡᠭ᠃ ᠨᠠᠮᠤᠷ ᠪᠤᠯᠬᠤ᠎ᠳᠤ ᠠᠭᠤᠷ ᠠᠮᠢᠰᠬᠤᠯ ᠬᠦᠢ᠍ᠳᠡᠷᠡᠵᠦ ᠤᠰᠤ ᠪᠠ ᠰᠢᠮ᠎ᠡ ᠲᠡᠵᠢᠭᠡᠯ᠎ᠤᠨ ᠬᠠᠩᠭ᠋ᠠᠯᠲᠠ ᠲᠤᠷᠤᠭᠰᠢᠯᠠᠨ᠎ᠠ᠂ ᠮᠤᠳᠤᠨ᠎ᠤ ᠤᠷᠭᠤᠯᠲᠠ ᠤᠳᠠᠭ᠋ᠠᠰᠢᠷᠠᠵᠤ ᠪᠤᠢ ᠪᠤᠯᠤᠭᠰᠠᠨ ᠮᠤᠳᠤᠨ ᠮᠠᠲ᠋ᠧᠷᠢᠶᠠᠯ᠎ᠤᠨ ᠡᠵᠡᠯᠡᠭᠦᠨ᠎ᠨᠢ ᠪᠠᠭ᠎ᠠ᠂ ᠮᠠᠲ᠋ᠧᠷᠢᠶᠠᠯ᠎ᠤᠨ ᠴᠢᠨᠠᠷ᠎ᠨᠢ ᠨᠠᠷᠢᠯᠢᠭ ᠪᠠᠶ᠋ᠢᠳᠠᠭ᠂ ᠠ᠋ᠭᠦᠨ᠎ᠢ ᠤᠷᠤᠢ ᠵᠢᠨ ᠮᠠᠲ᠋ᠧᠷᠢᠶᠠᠯ ᠭᠡᠳᠡᠭ᠃ ᠠᠳᠠᠯᠢ ᠵᠢᠯ ᠲᠤᠳᠤᠷ᠎ᠠ᠂ ᠬᠠᠪᠤᠷ᠎ᠠᠴᠠ ᠨᠠᠮᠤᠷ ᠪᠤᠯᠳᠠᠯ᠎ᠠ ᠮᠤᠳᠤᠨ᠎ᠤ ᠮᠠᠲ᠋ᠧᠷᠢᠶᠠᠯ᠎ᠤᠨ ᠴᠢᠨᠠᠷ ᠰᠡᠶ᠋ᠢᠷᠡᠭ᠎ᠠᠴᠠ ᠨᠠᠷᠢᠯᠢᠭ ᠪᠤᠯᠵᠤ ᠠᠭ᠋ᠠᠵᠢᠮ ᠵᠶ᠋ᠠᠷ ᠬᠤᠪᠢᠷᠠᠯᠲᠠ ᠭᠠᠷᠴᠤ ᠬᠤᠭᠤᠷᠤᠨᠳᠤ᠎ᠨᠢ ᠲᠤᠳᠤᠷᠬᠠᠢ ᠵᠠᠭ᠋ᠠᠭ ᠦᠭᠡᠢ᠃ ᠭᠡᠪᠡᠴᠦ ᠡᠪᠦᠯ᠎ᠤᠨ ᠤᠯᠠᠷᠢᠯ ᠪᠤᠯᠬᠤ᠎ᠳᠤ ᠮᠤᠳᠤ ᠢᠴᠡᠭᠡᠯᠡᠵᠦ ᠤᠷᠭᠤᠯᠲᠠ᠎ᠨᠢ ᠦᠨᠳᠦᠰᠦᠨ᠎ᠳᠡᠭᠡᠨ ᠵᠤᠭᠰᠤᠨ᠎ᠠ᠃ ᠠ᠋ᠶ᠋ᠢᠮᠦ᠎ᠠᠴᠠ ᠨᠢᠭᠡᠳᠦᠭᠡᠷ ᠵᠢᠯ᠎ᠤᠨ ᠤᠷᠤᠢ ᠵᠢᠨ ᠮᠠᠲ᠋ᠧᠷᠢᠶᠠᠯ ᠪᠠ ᠬᠤᠶᠠᠳᠤᠭ᠋ᠠᠷ ᠵᠢᠯ᠎ᠤᠨ ᠠ᠋ᠷᠳᠡ ᠵᠢᠨ ᠮᠠᠲ᠋ᠧᠷᠢᠶᠠᠯ᠎ᠤᠨ ᠬᠤᠭᠤᠷᠤᠨᠳᠤ ᠵᠢᠨ ᠵᠠᠭ᠋ᠠᠭ᠎ᠨᠢ ᠮᠠᠰᠢ ᠲᠤᠳᠤᠷᠬᠠᠢ᠂ ᠲᠡᠶ᠋ᠢᠮᠦ ᠪᠤᠯᠬᠤᠷ ᠬᠡᠳᠦᠨ ᠵᠢᠯ ᠤᠷᠭᠤᠭᠰᠠᠨ ᠮᠤᠳᠤᠯᠢᠭ ᠠ᠋ᠰᠢᠨᠤ ᠬᠦᠨᠳᠡᠯᠡᠨ ᠤᠭᠳᠤᠯᠤᠭ᠋ᠠᠰᠤ ᠳᠡᠭᠡᠷ᠎ᠡ ᠳᠠᠷᠤᠢ ᠬᠠᠮᠳᠤ ᠵᠢᠨ ᠭᠤᠤᠯ᠎ᠲᠠᠢ ᠲᠤᠭᠤᠢ ᠴᠠᠭ᠋ᠠᠷᠢᠭ ᠢᠯᠡᠷᠡᠨ᠎ᠡ᠃ ᠠ᠋ᠩ᠎ᠤᠨ ᠪᠠᠶ᠋ᠢᠳᠠᠯ ᠳᠤᠤᠷ᠎ᠠ ᠨᠢᠭᠡ ᠳᠤᠭᠤᠢ ᠴᠠᠭ᠋ᠠᠷᠢᠭ᠎ᠨᠢ ᠨᠢᠭᠡ ᠵᠢᠯ᠎ᠳᠤ ᠪᠤᠢ ᠪᠤᠯᠤᠨ᠎ᠠ᠂ ᠠ᠋ᠶ᠋ᠢᠮᠦ᠎ᠠᠴᠠ ᠵᠢᠯ᠎ᠤᠨ ᠴᠠᠭ᠋ᠠᠷᠢᠭ ᠭᠡᠳᠡᠭ᠃ ᠮᠤᠳᠤᠨ᠎ᠤ ᠭᠤᠤᠯ ᠠ᠋ᠰᠢᠨᠤ ᠦᠨᠳᠦᠰᠦᠨ ᠬᠡᠰᠡᠭ᠎ᠤᠨ ᠵᠢᠯ᠎ᠤᠨ ᠴᠠᠭ᠋ᠠᠷᠢᠭ᠎ᠤᠨ ᠲᠤᠭ᠎ᠠ᠎ᠠᠴᠠ ᠮᠤᠳᠤᠨ᠎ᠤ ᠲᠤᠶ᠋ᠢᠮᠤ ᠨᠠᠰᠤ ᠵᠢ ᠪᠤᠳᠤᠵᠤ ᠤᠯᠵᠤ ᠪᠤᠯᠤᠨ᠎ᠠ᠃