ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠲᠠᠯ᠎ᠠ ᠨᠤᠲᠤᠭ᠎ᠤᠨ ᠭᠠᠯ ᠲᠦᠢ᠍ᠮᠡᠷ᠎ᠤᠨ ᠡᠬᠢ ᠰᠤᠷᠪᠤᠯᠵᠢ
ᠨᠡᠶ᠋ᠢᠲᠡᠯᠡᠭᠰᠡᠨ ᠴᠠᠭ᠄ 2023-03-01

    (ᠨᠢᠭᠡ) ᠬᠦᠮᠦᠨ᠎ᠠᠴᠠ ᠪᠤᠯᠤᠭᠰᠠᠨ ᠭᠠᠯ᠎ᠤᠨ ᠡᠬᠢ ᠰᠤᠷᠪᠤᠯᠵᠢ
     1. ᠦᠢ᠍ᠯᠡᠳᠪᠦᠷᠢᠯᠡᠯ᠎ᠤᠨ ᠴᠢᠨᠠᠷᠳᠠᠢ ᠭᠠᠯ ᠬᠡᠷᠡᠭᠯᠡᠬᠦ ᠭᠠᠯ᠎ᠤᠨ ᠡᠬᠢ ᠰᠤᠷᠪᠤᠯᠵᠢ
      ᠡᠨᠡ᠎ᠨᠢ ᠭᠤᠤᠯᠳᠠᠭᠤ ᠬᠦᠮᠦᠨ ᠲᠦᠷᠦᠯᠬᠢᠳᠠᠨ᠂ ᠲᠠᠷᠢᠶᠠᠯᠠᠩ᠂ ᠤᠢ ᠰᠢᠭᠤᠢ᠂ ᠮᠠᠯ ᠠᠵᠤ ᠠᠬᠤᠢ᠂ ᠲᠤᠰᠠᠯᠠᠬᠤ ᠠᠵᠤ ᠠᠬᠤᠢ ᠵᠢᠴᠢ ᠠᠵᠦ ᠦᠢ᠍ᠯᠡᠳᠪᠦᠷᠢ᠂ ᠠᠭᠤᠷᠬᠠᠢ᠂ ᠵᠠᠮ ᠵᠦᠭᠡᠭᠡᠪᠦᠷᠢ ᠵᠡᠷᠭᠡ ᠵᠢ ᠡᠷᠬᠢᠯᠡᠭᠰᠡᠨ ᠠᠵᠤ ᠠᠬᠤᠢ᠌ᠯᠠᠯ᠎ᠤᠨ ᠨᠢᠭᠡᠴᠡ᠂ ᠦᠢ᠍ᠯᠡᠳᠪᠦᠷᠢᠯᠡᠯ᠎ᠤᠨ ᠦᠶ᠎ᠡ᠎ᠳᠡᠭᠡᠨ ᠬᠡᠷᠡᠭᠯᠡᠬᠦ ᠭᠠᠯ᠎ᠢ ᠬᠡᠯᠡᠨ᠎ᠡ᠃ ᠵᠢᠱ᠌ᠢᠶᠡᠯᠡᠪᠡᠯ᠂ ᠠᠲᠠᠷ᠎ᠢ ᠴᠤᠷᠮᠠᠳᠠᠨ ᠰᠢᠲᠠᠭ᠋ᠠᠵᠤ ᠬᠤᠷᠤᠬᠠᠢ ᠠᠯᠠᠬᠤ᠂ ᠠᠲᠠᠷ ᠰᠢᠲᠠᠭ᠋ᠠᠵᠤ ᠭᠠᠵᠠᠷ ᠬᠠᠭ᠋ᠠᠯᠪᠤᠷᠢᠯᠠᠬᠤ᠂ ᠦᠨᠡᠰᠦ ᠪᠤᠯᠭ᠋ᠠᠨ ᠪᠤᠷᠳᠤᠭᠤᠷ ᠴᠤᠭᠯᠠᠭᠤᠯᠬᠤ᠂ ᠲᠡᠷᠢᠶᠠᠨ ᠳᠡᠯᠡᠩ᠎ᠢ ᠰᠢᠲᠠᠭ᠋ᠠᠬᠤ᠂ ᠭᠠᠯ ᠰᠡᠷᠭᠡᠢ᠌ᠯᠡᠬᠦ ᠴᠠᠷᠠᠭ᠎ᠠ (ᠱᠤᠭᠤᠮ)᠎ᠢ ᠰᠢᠲᠠᠭ᠋ᠠᠬᠤ᠂ ᠨᠡᠭᠦᠷᠡᠰᠦ ᠰᠢᠲᠠᠭ᠋ᠠᠬᠤ᠂ ᠲᠤᠭᠤᠰᠬ᠎ᠠ ᠰᠢᠲᠠᠭ᠋ᠠᠬᠤ᠂ ᠠᠭᠤᠯᠠ ᠲᠡᠯᠪᠡᠴᠢᠬᠦ᠂ ᠭᠠᠯ ᠲᠠᠯᠪᠢᠵᠤ ᠪᠡᠯᠴᠢᠭᠡᠷ (ᠤᠢ)᠎ᠢ ᠴᠡᠪᠡᠷᠰᠢᠬᠦᠯᠬᠦ ᠬᠢᠭᠡᠳ ᠭᠠᠯᠲᠤ ᠲᠡᠷᠭᠡᠨ᠎ᠤ ᠭᠠᠯ ᠰᠦᠷᠴᠢᠬᠦᠷ᠂ ᠦᠨᠡᠰᠦ ᠮᠠᠯᠳᠠᠬᠤ᠂ ᠮᠠᠰᠢᠨ ᠲᠡᠷᠬᠡ ᠲᠷᠠᠺᠲ᠋ᠣᠷ᠎ᠤᠨ ᠬᠡᠢ ᠬᠤᠭᠤᠯᠠᠢ᠌ᠪᠴᠢ ᠭᠠᠯ ᠰᠦᠷᠴᠢᠬᠦᠷ᠂ ᠬᠦᠴᠦᠯᠯᠢᠭ ᠮᠸᠬᠠᠨᠢᠭ᠎ᠤᠨ ᠦᠷᠡᠯᠲᠠ ᠵᠢᠨ ᠭᠠᠯ᠂ ᠴᠠᠬᠢᠯᠭ᠋ᠠᠨ ᠬᠡᠷᠡᠭᠰᠡᠯ᠎ᠤᠨ ᠪᠤᠭᠤᠨᠢ ᠠᠪᠤᠴᠠᠯ᠂ ᠲᠠᠢ᠌ᠪᠤᠩ ᠴᠠᠬᠢᠯᠭ᠋ᠠᠨ ᠵᠡᠷᠭᠡ᠃
     2. ᠦᠢ᠍ᠯᠡᠳᠪᠦᠷᠢᠯᠡᠯ᠎ᠤᠨ ᠪᠤᠰᠤ ᠴᠢᠨᠠᠷᠳᠠᠢ ᠭᠠᠯ ᠬᠡᠷᠡᠭᠯᠡᠬᠦ ᠭᠠᠯ᠎ᠤᠨ ᠡᠬᠢ ᠰᠤᠷᠪᠤᠯᠵᠢ
      ᠦᠢ᠍ᠯᠡᠳᠪᠦᠷᠢᠯᠡᠯ᠎ᠤᠨ ᠪᠤᠰᠤ ᠴᠢᠨᠠᠷᠳᠠᠢ ᠭᠠᠯ᠎ᠤᠨ ᠡᠬᠢ ᠰᠤᠷᠪᠤᠯᠵᠢ ᠭᠡᠳᠡᠭ᠎ᠨᠢ ᠶᠡᠷᠦ᠎ᠳᠤ᠎ᠪᠠᠨ ᠠᠭᠤᠯᠠᠷᠬᠠᠭ ᠤᠷᠤᠨ ᠲᠠᠯ᠎ᠠ ᠭᠠᠵᠠᠷ᠎ᠲᠤ ᠠᠪᠠ ᠬᠢᠵᠦ ᠭᠠᠯ ᠫᠤᠤ ᠲᠠᠯᠪᠢᠬᠤ᠂ ᠲᠠᠭ᠋ᠠᠯᠳᠤᠬᠤ ᠦᠢ᠍ᠯᠡᠳᠪᠦᠷᠢᠯᠡᠯ ᠬᠢᠬᠦ (ᠡᠮ᠎ᠤᠨ ᠡᠪᠡᠰᠦ ᠮᠠᠯᠳᠠᠬᠤ᠂ ᠬᠡᠵᠢᠭᠡ ᠡᠪᠡᠰᠦ ᠬᠠᠮᠤᠬᠤ᠂ ᠮᠦᠬᠦ ᠲᠡᠭᠦᠭᠦ ᠵᠡᠷᠭᠡ)᠂ ᠲᠠᠮᠠᠬᠢ ᠲᠠᠲᠠᠬᠤ᠂ ᠭᠠᠯ ᠲᠦᠯᠡᠵᠦ ᠬᠤᠭᠤᠯᠠ ᠬᠢᠬᠦ᠂ ᠲᠤᠯᠠᠭ᠋ᠠᠯᠠᠬᠤ᠂ ᠭᠠᠯ ᠪᠠᠮᠪᠠᠷ ᠨᠤᠴᠤᠭ᠋ᠠᠵᠤ ᠵᠠᠮ ᠶᠠᠪᠤᠬᠤ᠂ ᠭᠠᠯ ᠨᠤᠴᠤᠭ᠋ᠠᠵᠤ ᠠᠮᠢᠲᠠᠨ᠎ᠢ ᠤᠳᠤᠬᠤ᠂ ᠬᠡᠦᠬᠡᠳ ᠭᠠᠯ ᠵᠶ᠋ᠠᠷ ᠨᠠᠭ᠋ᠠᠳᠬᠤ᠂ ᠤᠩᠭᠤᠨ ᠪᠤᠯᠠᠰᠢᠨ ᠳᠡᠭᠡᠷ᠎ᠡ ᠴᠠᠭ᠋ᠠᠰᠤ ᠰᠢᠲᠠᠭ᠋ᠠᠬᠤ᠂ ᠬᠠᠭᠰᠠᠭ᠋ᠠᠵᠤ ᠰᠢᠷᠠᠬᠤ ᠮᠸᠬᠠᠨᠢᠭ ᠬᠡᠷᠡᠭᠰᠡᠯ᠂ ᠰᠠᠭᠤᠭ᠋ᠠᠯᠢ ᠠᠷᠠᠳ᠎ᠤᠨ ᠤᠳᠤᠭ᠋ᠠᠪᠴᠢᠨ᠎ᠤ ᠭᠠᠯ᠂ ᠴᠤᠭ᠎ᠲᠠᠢ ᠦᠨᠡᠰᠦ ᠬᠠᠶᠠᠬᠤ ᠵᠢᠴᠢ ᠤᠢ ᠰᠢᠭᠤᠢ᠎ᠠᠴᠠ ᠡᠭᠦᠰᠬᠦ ᠭᠠᠯ ᠵᠡᠷᠭᠡ ᠪᠤᠯᠤᠨ᠎ᠠ᠃
     3. ᠭᠠᠯ ᠲᠠᠯᠪᠢᠵᠤ ᠡᠪᠳᠡᠯᠭᠡ ᠬᠢᠬᠦ

      ᠵᠠᠷᠢᠮ ᠮᠠᠭᠤ ᠡᠪᠳᠡᠭᠡᠳ ᠨᠡᠢ᠌ᠭᠡᠮ᠎ᠳᠤ ᠳᠤᠷ᠎ᠠ ᠦᠭᠡᠢ᠌ᠴᠡᠵᠦ᠂ ᠭᠠᠯ ᠲᠠᠯᠪᠢᠵᠤ ᠲᠠᠯ᠎ᠠ ᠨᠤᠲᠤᠭ᠎ᠢ ᠰᠢᠲᠠᠭ᠋ᠠᠵᠤ᠂ ᠬᠠᠮᠳᠤ ᠨᠡᠢ᠌ᠲᠡ ᠵᠢᠨ ᠠᠮᠤᠷ ᠲᠦᠪᠰᠢᠨ᠎ᠳᠤ ᠬᠤᠪᠢᠷᠠᠯ ᠤᠴᠠᠷᠠᠭᠤᠯᠳᠠᠭ᠃
   

     (ᠬᠤᠶᠠᠷ) ᠪᠠᠢ᠌ᠭ᠋ᠠᠯᠢᠯᠢᠭ ᠭᠠᠯ᠎ᠤᠨ ᠡᠬᠢ ᠰᠤᠷᠪᠤᠯᠵᠢ

      ᠲᠡᠷᠡ᠎ᠨᠢ ᠨᠢᠭᠡ ᠵᠦᠢ᠍ᠯ᠎ᠤᠨ ᠪᠠᠢ᠌ᠭ᠋ᠠᠯᠢ ᠵᠢᠨ ᠦᠵᠡᠭᠳᠡᠯ ᠪᠤᠯᠤᠨ᠎ᠠ᠃ ᠪᠠᠢ᠌ᠭ᠋ᠠᠯᠢᠯᠢᠭ ᠭᠠᠯ᠎ᠤᠨ ᠡᠬᠢ ᠰᠤᠷᠪᠤᠯᠵᠢ᠎ᠨᠢ ᠭᠤᠤᠯᠳᠠᠭᠤ ᠠᠶᠤᠩᠭ᠎ᠠ ᠨᠢᠷᠭᠡᠯᠲᠡ ᠵᠢᠨ ᠭᠠᠯ᠂ ᠤᠢ ᠮᠤᠳᠤᠨ᠎ᠤ ᠦᠷᠡᠯᠲᠠ ᠵᠢᠨ ᠭᠠᠯ᠂ ᠴᠢᠯᠠᠭᠤ ᠮᠦᠷᠬᠦᠯᠳᠦᠨ ᠤᠴᠢ ᠦᠰᠦᠷᠬᠦ᠂ ᠭᠠᠯᠲᠤ ᠠᠭᠤᠯᠠ ᠲᠡᠯᠪᠡᠷᠡᠬᠦ᠂ ᠰᠤᠯᠢᠷ ᠤᠳᠤ ᠤᠨᠠᠬᠤ᠂ ᠲᠠᠯ᠎ᠠ ᠨᠤᠲᠤᠭ᠎ᠤᠨ ᠡᠪᠡᠰᠦᠨ ᠤᠪᠤᠭ᠎ᠠ᠂ ᠡᠯᠳᠡᠪ ᠡᠪᠡᠰᠦ ᠤᠷᠲᠦ ᠬᠤᠭᠤᠴᠠᠭ᠎ᠠ ᠢᠯᠵᠡᠷᠡᠬᠦ ᠵᠢᠴᠢ ᠭᠠᠵᠠᠷ ᠲᠤᠤᠷᠠᠬᠢ ᠢᠯᠵᠡᠷᠡᠮᠡᠯ ᠡᠳ᠋ ᠬᠠᠭᠰᠠᠬᠤ ᠵᠡᠷᠭᠡ᠎ᠠᠴᠠ ᠪᠤᠯᠵᠤ ᠦᠪᠡᠷᠳᠡᠭᠡᠨ ᠨᠤᠴᠤᠬᠤ ᠵᠡᠷᠭᠡ ᠪᠤᠯᠤᠨ᠎ᠠ᠃



      ᠴᠢᠯᠠᠭᠤᠨᠪᠠᠭ᠋ᠠᠲᠤᠷ᠎ᠤᠨ 《ᠲᠠᠯ᠎ᠠ ᠨᠤᠲᠤᠭ᠎ᠤᠨ ᠭᠠᠯ ᠲᠦᠢ᠍ᠮᠡᠷ ᠰᠡᠷᠭᠡᠢ᠌ᠯᠡᠯᠲᠡ》 ᠭᠡᠬᠦ ᠨᠤᠮ᠎ᠠᠴᠠ ᠬᠠᠭᠤᠯᠠᠪᠦᠷᠢᠯᠠᠪᠠ᠃

ᠢᠷᠡᠯᠲᠡ᠄ 《ᠲᠠᠯ᠎ᠠ ᠨᠤᠲᠤᠭ᠎ᠤᠨ ᠭᠠᠯ ᠲᠦᠢ᠍ᠮᠡᠷ ᠰᠡᠷᠭᠡᠢ᠌ᠯᠡᠯᠲᠡ》
          
ᠬᠠᠮᠢᠶ᠎ᠡ ᠪᠦᠬᠦᠢ ᠰᠣᠨᠢᠨ
ᠨᠡᠭᠦᠷᠡᠰᠦᠲᠥ᠋ᠷᠥᠭᠴᠢ ᠵᠢᠨ ᠰᠠᠭ᠋ᠠᠷᠮᠠᠭᠵᠢᠯ᠎ᠳᠤ ᠬᠦᠴᠦ ᠨᠡᠮᠡᠷᠢᠯᠡᠬᠦ᠎ᠳᠤ ᠪᠢᠳᠡ ᠶᠠᠭᠤ ᠶᠠᠭᠤ ᠬᠢᠵᠦ ᠪᠣᠯᠬᠤ ᠪᠤᠢ?
ᠡᠪᠡᠰᠦ ᠤᠷᠭᠤᠮᠠᠯ᠂ ᠨᠤᠲᠤᠭ ᠪᠡᠯᠴᠢᠭᠡᠷ᠎ᠲᠠᠢ ᠬᠤᠯᠪᠤᠭᠳᠠᠬᠤ ᠴᠡᠭᠡᠷ ᠶᠤᠰᠤᠨ
ᠮᠤᠳᠤᠨ᠎ᠤ ᠵᠢᠯ᠎ᠤᠨ ᠴᠠᠭ᠋ᠠᠷᠢᠭ ᠵᠢᠨ ᠲᠤᠬᠠᠢ ᠵᠢᠵᠢᠭ ᠮᠡᠳᠡᠯᠬᠡ
ᠵᠢᠮᠢᠰ᠎ᠤᠨ ᠬᠠᠯᠢᠰᠤ ᠵᠢᠨ ᠬᠡᠷᠡᠭᠴᠡᠬᠡ
ᠤᠯᠠᠭ᠋ᠠᠨ ᠰᠤᠬᠠᠢ — ᠬᠥᠷᠥᠰᠥ ᠰᠢᠷᠣᠢ ᠵᠢ ᠬᠠᠮᠠᠭ᠋ᠠᠯᠠᠬᠤ ᠰᠠᠶ᠋ᠢᠨ ᠮᠣᠳᠣ
 
             蒙ICP备05000248号