ᠲᠡᠵᠢᠭᠡᠯ ᠡᠪᠡᠰᠦᠨ᠎ᠤ ᠦᠷ᠎ᠡ ᠵᠢᠨ ᠴᠢᠨᠠᠷ᠎ᠤᠨ ᠰᠠᠶ᠋ᠢᠨ ᠮᠠᠭᠤ᠎ᠨᠢ ᠲᠠᠷᠢᠬᠤ ᠴᠢᠨᠠᠷ᠎ᠢ ᠰᠢᠭᠤᠳ ᠨᠦᠯᠦᠬᠡᠯᠡᠵᠦ᠂ ᠡᠬᠦᠨ᠎ᠤ ᠣᠯᠠᠮ᠎ᠠᠴᠠ ᠲᠡᠵᠢᠬᠡᠯ ᠡᠪᠡᠰᠦᠨ᠎ᠤ ᠤᠷᠭᠤᠯᠳᠠ ᠪᠤᠯᠤᠨ ᠤᠨᠠᠯᠳᠠ ᠵᠢ ᠨᠦᠯᠦᠬᠡᠯᠡᠳᠡᠭ᠃ ᠡᠶ᠋ᠢᠮᠦ᠎ᠠᠴᠠ ᠲᠠᠷᠢᠬᠤ᠎ᠠᠴᠠ ᠡᠮᠦᠨ᠎ᠡ ᠵᠠᠪᠳᠤᠵᠤ ᠦᠷ᠎ᠡ ᠵᠢᠨ ᠴᠢᠨᠠᠷ᠎ᠢ ᠪᠠᠳᠤᠯᠠᠵᠤ᠂ ᠲᠠᠷᠢᠬᠤ ᠴᠢᠨᠠᠷ ᠴᠢᠨᠰᠠᠭ᠎ᠠ ᠵᠢ ᠪᠠᠳᠤᠯᠠᠬᠤ ᠬᠡᠷᠡᠭᠳᠡᠢ᠃ ᠴᠢᠨᠠᠷ ᠰᠠᠶ᠋ᠢᠨ ᠦᠷ᠎ᠡ ᠵᠢᠨ ᠴᠡᠪᠡᠷᠴᠡ᠎ᠨᠢ ᠦᠨᠳᠦᠷ᠂ ᠮᠦᠬᠦᠯᠢᠭ᠎ᠨᠢ ᠲᠦᠬᠦᠷᠡᠩ ᠲᠡᠭᠰᠢ ᠪᠦᠬᠡᠳ ᠠᠮᠢᠵᠢᠷᠠᠯ᠎ᠤᠨ ᠬᠦᠴᠦ ᠨᠢ ᠴᠢᠩᠭ᠎ᠠ᠂ ᠡᠷᠡᠬᠦᠯ ᠴᠢᠬᠢᠷᠠᠭ ᠮᠦᠷᠳᠡᠬᠡᠨ ᠡᠪᠡᠳᠴᠢᠨ ᠬᠤᠷᠤᠬᠠᠢ ᠵᠢᠨ ᠬᠦᠨᠦᠬᠡᠯ ᠦᠬᠡᠢ ᠪᠠᠶ᠋ᠢᠬᠤ ᠬᠡᠷᠡᠭᠳᠡᠢ᠃ ᠦᠷ᠎ᠡ ᠵᠢᠨ ᠴᠡᠪᠡᠷᠴᠡ ᠬᠡᠳᠡᠭ᠎ᠨᠢ ᠦᠷ᠎ᠡ᠎ᠳᠤ ᠬᠤᠯᠢᠯᠳᠤᠵᠤ ᠪᠠᠶ᠋ᠢᠭ᠎ᠠ ᠬᠤᠯᠢᠴᠠ ᠪᠤᠳᠠᠰ᠎ᠢ ᠢᠯᠭ᠋ᠠᠵᠤ ᠬᠠᠶᠠᠭᠰᠠᠨᠤ ᠰᠡᠬᠦᠯᠡᠷ ᠲᠤᠰ ᠰᠤᠷᠲ᠎ᠤᠨ ᠦᠷ᠎ᠡ ᠵᠢᠨ ᠡᠵᠡᠯᠡᠬᠦ ᠬᠠᠷᠢᠴᠠᠯ᠎ᠢ ᠵᠢᠭ᠋ᠠᠨ᠎ᠠ᠃ ᠲᠠᠷᠢᠬᠤ ᠦᠷ᠎ᠡ ᠵᠢᠨ ᠴᠡᠪᠡᠷᠴᠡ ᠵᠢ ᠪᠠᠳᠤᠯᠠᠬᠤ᠎ᠨᠢ ᠮᠠᠰᠢ ᠴᠢᠬᠤᠯᠠ ᠶᠤᠮ᠃ ᠴᠡᠪᠡᠷ᠎ᠤᠨ ᠬᠡᠮᠵᠢᠶ᠎ᠡ ᠦᠨᠳᠦᠷ ᠪᠤᠯ ᠰᠤᠷᠲ᠎ᠤᠨ ᠤᠨᠴᠠᠯᠢᠭ ᠴᠢᠨᠠᠷ ᠵᠶ᠋ᠠᠨ ᠤᠳᠠᠭ᠋ᠠᠨ ᠬᠠᠳᠠᠭ᠋ᠠᠯᠠᠵᠤ ᠲᠡᠶ᠋ᠢᠯᠳᠡᠭ᠃ ᠬᠡᠷᠪᠡ ᠪᠤᠰᠤᠳ ᠬᠤᠯᠢᠴᠠ ᠦᠷ᠎ᠡ ᠤᠷᠤᠪᠠᠯ ᠤᠤᠯ ᠦᠷ᠎ᠡ ᠵᠢᠨ ᠰᠢᠯᠢᠳᠡᠭ ᠴᠢᠨᠠᠷ᠎ᠢ ᠪᠠᠭᠤᠷᠠᠭᠤᠤᠯᠨ ᠴᠢᠨᠠᠷ ᠴᠢᠨᠰᠠᠭ᠎ᠠ ᠵᠢ ᠨᠦᠯᠦᠬᠡᠯᠡᠳᠡᠭ᠃ ᠦᠷ᠎ᠡ ᠵᠢᠨ ᠮᠦᠬᠦᠯᠢᠭ᠎ᠤᠨ ᠶᠡᠭᠡ ᠪᠠᠭ᠎ᠠ᠎ᠨᠢ ᠲᠡᠵᠢᠬᠡᠯ ᠡᠪᠡᠰᠦᠨ᠎ᠤ ᠰᠤᠶᠤᠭ᠋ᠠᠯᠠᠬᠤ ᠪᠤᠯᠤᠨ ᠤᠷᠭᠤᠬᠤ᠎ᠳᠤ ᠮᠠᠰᠢ ᠶᠡᠭᠡ ᠨᠦᠯᠦᠬᠡ᠎ᠲᠠᠢ ᠪᠠᠶ᠋ᠢᠳᠠᠭ᠃ ᠢᠵᠢᠯᠢᠬᠢᠨ ᠨᠢᠬᠡ ᠲᠦᠷᠦᠯ᠎ᠤᠨ ᠲᠡᠵᠢᠬᠡᠯ ᠡᠪᠡᠰᠦᠨ᠎ᠤ ᠦᠷ᠎ᠡ ᠵᠢᠨ ᠮᠦᠬᠦᠯᠢᠭ᠎ᠨᠢ ᠲᠤᠮᠤ ᠪᠤᠯ ᠤᠷᠭᠤᠵᠤ ᠭᠠᠷᠬᠤ ᠨᠢᠯᠬ᠎ᠠ ᠴᠢᠬᠢ ᠵᠢᠨ ᠠᠮᠢᠳᠤᠷᠠᠬᠤ ᠬᠦᠴᠦᠨ᠎ᠨᠢ ᠴᠢᠩᠭ᠎ᠠ ᠪᠠᠶ᠋ᠢᠳᠠᠭ᠃ ᠵᠢᠵᠢᠭ ᠮᠦᠬᠦᠯᠢᠭᠳᠦ ᠦᠷ᠎ᠡ᠎ᠲᠠᠢ ᠰᠤᠷᠲ᠎ᠤᠨ ᠲᠡᠰ᠎ᠨᠢ ᠲᠡᠳᠦᠢ ᠦᠨᠳᠦᠷ ᠪᠤᠯ ᠰᠤᠶᠤᠭ᠋ᠠᠯᠠᠴᠠᠨᠢ ᠲᠡᠳᠦᠢ ᠦᠨᠳᠦᠷ ᠪᠠᠶ᠋ᠢᠳᠠᠭ᠃