ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠦᠬᠡᠷ᠎ᠢ ᠬᠡᠷᠬᠢᠨ ᠳᠡᠵᠢᠬᠡᠪᠡᠯ ᠡᠪᠣᠯ ᠳᠠᠷᠭᠤ ᠮᠠᠭᠤᠳᠠᠬᠤ ᠦᠭᠡᠢ ᠪᠣᠢ
ᠨᠡᠶ᠋ᠢᠲᠡᠯᠡᠭᠰᠡᠨ ᠴᠠᠭ᠄ 2022-09-26

     1. ᠡᠯ᠎ᠠ ᠵᠥᠢ᠍ᠯ᠎ᠤᠨ ᠡᠰᠢ ᠰᠥᠷᠠᠯ᠎ᠢ ᠰᠠᠶ᠋ᠢᠳᠤᠷ ᠰᠢᠢ᠍ᠳᠪᠤᠷᠢᠯᠠᠬᠦ ᠵᠢ ᠠᠩᠬᠠᠷᠤᠨ᠎ᠠ

      ᠲᠤᠳᠤᠷᠭ᠎ᠠ᠂ ᠪᠤᠭᠤᠳᠠᠢ ᠵᠢᠨ ᠰᠥᠷᠠᠯ᠎ᠢ ᠰᠠᠶ᠋ᠢᠳᠤᠷ ᠰᠢᠪᠳᠤᠷᠵᠢᠬᠦᠯᠤᠨ ᠭᠡᠪ᠎ᠲᠠᠢ ᠰᠠᠶ᠋ᠢᠬᠠᠨ ᠰᠢᠢ᠍ᠳᠪᠤᠷᠢᠯᠠᠪᠠᠯ᠂ ᠬᠠᠭᠤᠷᠠᠢ ᠵᠢ᠎ᠨᠢ ᠨᠦᠢ᠍ᠳᠠᠨ ᠪᠤᠯᠭ᠋ᠠᠵᠤ᠂ ᠬᠠᠳᠠᠭᠤ ᠰᠢᠭ᠋᠎ᠢ᠎ᠨᠢ ᠵᠥᠭᠡᠯᠠᠷᠠᠬᠦᠯᠵᠤ ᠪᠤᠯᠤᠨ᠎ᠠ᠃ ᠰᠢᠢ᠍ᠳᠪᠤᠷᠢᠯᠠᠬᠦ ᠠᠷᠭ᠎ᠠ ᠭᠡᠪᠠᠯ᠂ ᠭᠡᠷᠡᠭᠯᠠᠬᠦ ᠪᠤᠭᠤᠳᠠᠢ᠂ ᠲᠤᠳᠤᠷᠭ᠎ᠠ ᠵᠢᠨ ᠰᠥᠷᠠᠯ ᠵᠶ᠋ᠠᠨ 2~3 ᠰᠡᠨᠲ᠋ᠢᠮᠸᠲᠷ ᠤᠬᠤᠷ ᠭᠡᠷᠴᠢᠵᠤ᠂ 100 ᠺᠢᠯᠥᠭᠷᠠᠮ ᠭᠡᠷᠴᠢᠭᠰᠡᠨ ᠡᠪᠠᠰᠤᠨ᠎ᠳᠤ 4 ᠺᠢᠯᠥᠭᠷᠠᠮ ᠰᠢᠭᠡᠰᠦᠯᠢᠭ ᠡᠳ᠋ ᠨᠠᠮᠠᠨ᠎ᠠ᠃ ᠤᠷᠢᠳᠠᠪᠠᠷ 40 ᠺᠢᠯᠥᠭᠷᠠᠮ ᠤᠰᠤ᠎ᠪᠠᠷ ᠰᠢᠭᠡᠰᠦᠯᠢᠭ ᠡᠳ᠋᠎ᠢ ᠠᠭᠤᠰᠬᠠᠵᠤ ᠪᠤᠭᠤᠳᠠᠢ ᠪᠤᠯᠤᠨ ᠲᠤᠳᠤᠷᠭ᠎ᠠ ᠵᠢᠨ ᠰᠥᠷᠠᠯ᠎ᠤᠨ ᠭᠡᠷᠴᠢᠮᠠᠯ᠎ᠳᠤ ᠨᠢᠭᠳᠠ ᠬᠤᠯᠢᠵᠤ᠂ ᠲᠠᠷᠠᠭ᠎ᠠ᠎ᠨᠢ ᠼᠧᠮᠧᠨ᠋ᠲ ᠴᠥᠬᠦᠷᠤᠮ ᠪᠤᠶᠤ ᠪᠥᠳᠤᠬᠦᠨ ᠭᠠᠩ᠎ᠳᠤ ᠭᠢᠵᠤ᠂ ᠨᠢᠭᠳᠠ ᠲᠠᠷᠤᠵᠤ ᠪᠢᠳᠠᠬᠦᠮᠵᠢᠯᠠᠵᠤ ᠭᠡᠢ ᠠᠭ᠋ᠠᠷ ᠤᠷᠤᠭᠤᠯᠬᠤ ᠥᠭᠡᠢ ᠪᠤᠯᠭ᠋ᠠᠨ᠎ᠠ᠃ ᠡᠪᠤᠯ᠎ᠤᠨ ᠤᠯᠠᠷᠢᠯ᠎ᠳᠤ ᠨᠢᠭᠡ ᠰᠠᠷ᠎ᠠ ᠰᠢᠪᠳᠤᠷᠵᠢᠬᠦᠯᠪᠠᠯ ᠲᠠᠷᠤᠢ ᠪᠤᠯᠴᠢᠬᠠᠨ᠎ᠠ᠃ ᠢᠩᠭᠢᠵᠤ ᠰᠢᠪᠳᠤᠷᠵᠢᠬᠦᠯᠥᠭᠰᠠᠨ ᠲᠠᠵᠢᠭᠡᠯ᠎ᠨᠢ ᠵᠥᠭᠡᠯᠠᠨ᠂ ᠥᠭᠡᠷ ᠢᠳᠠᠰᠢᠯᠠᠬᠦ ᠲᠤᠷᠠᠳᠠᠢ᠂ ᠠᠮᠠᠷᠬᠠᠨ ᠰᠢᠩᠭᠡᠭᠡᠵᠤ᠂ ᠲᠠᠷᠭᠤ ᠠᠪᠬᠤ᠎ᠨᠢ ᠴᠤ᠌ ᠰᠠᠶ᠋ᠢᠨ ᠶᠤᠮ᠃ ᠡᠳᠤᠷ ᠪᠥᠷᠢ ᠥᠭᠡᠷ᠎ᠲᠤ 10~15 ᠺᠢᠯᠥᠭᠷᠠᠮ ᠲᠠᠵᠢᠭᠡᠪᠠᠯ ᠪᠤᠯᠴᠢᠬᠠᠨ᠎ᠠ᠃

     2. ᠲᠠᠵᠢᠭᠡᠯ ᠡᠪᠠᠰᠤ ᠪᠤᠷᠳᠤᠭ᠎ᠠ ᠵᠢ ᠰᠠᠶ᠋ᠢᠳᠤᠷ ᠲᠤᠭᠢᠷᠠᠭᠤᠯᠬᠤ ᠵᠢ ᠠᠩᠬᠠᠷᠤᠨ᠎ᠠ

      ᠡᠪᠤᠯ᠎ᠤᠨ ᠤᠯᠠᠷᠢᠯ᠎ᠳᠤ ᠬᠥᠭᠡ ᠡᠪᠠᠰᠤ ᠥᠭᠡᠢ ᠪᠤᠯᠬᠤᠷ ᠲᠠᠵᠢᠭᠡᠯ ᠡᠪᠠᠰᠤ᠎ᠪᠠᠨ ᠤᠯᠠᠨ ᠶᠠᠩᠵᠤ᠎ᠪᠠᠷ ᠲᠤᠭᠢᠷᠠᠭᠤᠯᠤᠨ ᠲᠠᠵᠢᠭᠡᠵᠤ ᠪᠤᠯᠤᠨ᠎ᠠ᠃ ᠲᠠᠷᠤᠢ ᠤᠬᠤᠷ ᠭᠡᠷᠴᠢᠭᠰᠡᠨ ᠪᠤᠶᠤ ᠤᠬᠤᠷ ᠰᠢᠭ᠋ ᠡᠪᠠᠰᠤᠨ᠎ᠳᠤ ᠤᠷᠳᠤ ᠡᠪᠠᠰᠤ᠂ ᠰᠠᠶ᠋ᠢᠨ ᠴᠢᠨᠠᠷ᠎ᠤᠨ ᠡᠪᠠᠰᠤᠨ᠎ᠳᠤ ᠮᠠᠭᠤ ᠰᠢᠭ᠋ ᠡᠪᠠᠰᠤ ᠵᠢ ᠬᠠᠪᠰᠤᠷᠭ᠋ᠠᠵᠤ᠂ ᠪᠥᠳᠤᠬᠦᠯᠢᠭ ᠤᠭᠤᠷᠠᠭ᠎ᠤᠨ ᠭᠡᠮᠵᠢᠶ᠎ᠠ 20%~22%᠎ᠲᠤ ᠬᠥᠷᠪᠠᠯ᠂ ᠪᠤᠰᠤᠳ ᠶᠠᠭᠡᠩᠭᠢ ᠡᠪᠠᠰᠤᠨ᠎ᠤ ᠪᠥᠳᠤᠬᠦᠯᠢᠭ ᠤᠭᠤᠷᠠᠭ᠎ᠤᠨ ᠭᠡᠮᠵᠢᠶ᠎ᠠ ᠵᠢ 4% ~20% ᠵᠢᠨ ᠲᠤᠳᠤᠷ᠎ᠠ ᠪᠠᠶ᠋ᠢᠯᠭ᠋ᠠᠪᠠᠯ ᠰᠠᠶ᠋ᠢᠨ ᠶᠤᠮ᠃ ᠲᠠᠭᠢᠪᠠᠯ᠂ ᠲᠠᠵᠢᠭᠡᠯ ᠡᠪᠠᠰᠤᠨ᠎ᠤ ᠥᠩᠭᠡ ᠠᠳᠠᠯᠢ ᠪᠤᠰᠤ ᠤᠴᠢᠷ᠎ᠠᠴᠠ ᠲᠠᠬᠦᠨ᠎ᠤ ᠰᠢᠮ᠎ᠠ ᠲᠠᠵᠢᠭᠡᠯ᠎ᠨᠢ ᠪᠠᠰᠨ ᠠᠳᠠᠯᠢ ᠪᠤᠰᠤ ᠪᠠᠶ᠋ᠢᠳᠠᠭ᠃ ᠡᠩ᠎ᠤᠨ ᠪᠠᠶ᠋ᠢᠳᠠᠯ ᠲᠤᠤᠷ᠎ᠠ᠂ ᠨᠤᠭᠤᠭ᠋ᠠᠨ ᠬᠠᠭᠤᠷᠠᠢ ᠡᠪᠠᠰᠤᠨ᠎ᠤ ᠰᠢᠮ᠎ᠠ ᠲᠠᠵᠢᠭᠡᠯ ᠥᠨᠳᠤᠷ ᠪᠠᠶ᠋ᠢᠵᠤ᠂ ᠰᠢᠷᠠᠯᠠᠭᠰᠠᠨ ᠬᠠᠭᠤᠷᠠᠢ ᠡᠪᠠᠰᠤ ᠵᠢᠨ ᠰᠢᠮ᠎ᠠ ᠲᠠᠵᠢᠭᠡᠯ ᠨᠠᠯᠢᠶᠠᠳ ᠮᠠᠭᠤ ᠪᠠᠶ᠋ᠢᠳᠠᠭ᠎ᠠᠴᠠ ᠴᠠᠭ᠋ᠠᠨ ᠥᠩᠭᠡ ᠵᠢᠨ ᠬᠠᠭᠤᠷᠠᠢ ᠡᠪᠠᠰᠤ ᠵᠢᠨ ᠰᠢᠮ᠎ᠠ ᠲᠠᠵᠢᠭᠡᠯ ᠨᠠᠩ ᠮᠠᠭᠤ ᠪᠠᠶ᠋ᠢᠳᠠᠭ᠃ ᠡᠶ᠋ᠢᠮᠤ᠎ᠠᠴᠠ ᠭᠤᠷᠪᠠᠨ ᠵᠥᠢ᠍ᠯ᠎ᠤᠨ ᠥᠩᠭᠡ ᠵᠢᠨ ᠡᠪᠠᠰᠤ ᠵᠢ ᠰᠠᠶ᠋ᠢᠳᠤᠷ ᠲᠤᠭᠢᠷᠠᠭᠤᠯᠤᠨ᠎ᠠ᠃ ᠵᠢᠱ᠌ᠢᠶᠠᠯᠠᠪᠠᠯ᠂ ᠨᠤᠭᠤᠭ᠋ᠠᠨ ᠥᠩᠭᠡ ᠵᠢᠨ ᠬᠠᠭᠤᠷᠠᠢ ᠡᠪᠠᠰᠤ ᠪᠤᠯᠬᠤ ᠬᠤᠸᠠᠱ᠌ᠧᠩ᠎ᠤᠨ ᠵᠠᠯ᠎ᠠ᠂ ᠴᠠᠷᠭ᠋ᠠᠰᠤ᠂ ᠡᠷᠳᠠᠨᠢ ᠰᠢᠰᠢ ᠵᠢᠨ ᠨᠠᠪᠴᠢ ᠪᠤᠯᠤᠨ ᠴᠠᠭ᠋ᠠᠨ ᠥᠩᠭᠡ ᠵᠢᠨ ᠬᠠᠭᠤᠷᠠᠢ ᠡᠪᠠᠰᠤ ᠪᠤᠯᠬᠤ ᠪᠤᠭᠤᠳᠠᠢ ᠵᠢᠨ ᠰᠥᠷᠠᠯ᠂ ᠲᠤᠳᠤᠷᠭ᠎ᠠ ᠵᠢᠨ ᠰᠥᠷᠠᠯ᠎ᠢ ᠲᠤᠰ ᠲᠤᠰ 30%᠎ᠪᠠᠷ ᠡᠵᠠᠯᠠᠬᠦᠯᠵᠤ᠂ ᠰᠢᠷ᠎ᠠ ᠥᠩᠭᠡ ᠵᠢᠨ ᠬᠠᠭᠤᠷᠠᠢ ᠡᠪᠠᠰᠤ ᠵᠢ 40% ᠡᠵᠠᠯᠠᠬᠦᠯᠵᠤ᠂ ᠭᠤᠷᠪᠠᠨ ᠵᠥᠢ᠍ᠯ᠎ᠤᠨ ᠡᠪᠠᠰᠤ ᠵᠢ ᠨᠠᠷᠢᠨ ᠭᠡᠷᠴᠢᠵᠤ ᠨᠠᠷᠢᠯᠢᠭ ᠬᠤᠯᠢᠵᠤ ᠲᠠᠵᠢᠭᠡᠪᠠᠯ ᠥᠭᠡᠷ ᠢᠳᠠᠰᠢᠯᠠᠬᠦ ᠲᠤᠷᠠᠳᠠᠢ ᠪᠥᠭᠡᠳ ᠰᠢᠮ᠎ᠠ ᠲᠠᠵᠢᠭᠡᠯ ᠨᠠᠯᠢᠶᠠᠳ ᠬᠥᠢ᠍ᠴᠠᠳ ᠪᠤᠯᠬᠤ ᠶᠤᠮ᠃        

     3. ᠨᠠᠷᠢᠯᠢᠭ ᠪᠤᠷᠳᠤᠭ᠎ᠠ ᠵᠢ ᠰᠠᠶ᠋ᠢᠳᠤᠷ ᠲᠤᠭᠢᠷᠠᠭᠤᠯᠤᠨ᠎ᠠ

      ᠨᠠᠷᠢᠯᠢᠭ ᠪᠤᠷᠳᠤᠭ᠎ᠠ᠎ᠪᠠᠷ ᠲᠠᠵᠢᠭᠡᠬᠦ᠎ᠳᠡᠭᠡᠨ ᠵᠠᠪᠠᠯ ᠵᠥᠭᠡᠯᠠᠨ ᠬᠠᠳᠠᠭᠤ ᠵᠢ ᠵᠤᠭᠢᠰᠳᠠᠢ ᠲᠠᠩᠴᠠᠬᠦᠯᠤᠨ᠎ᠠ᠃ ᠵᠢᠱ᠌ᠢᠶᠠᠯᠠᠪᠠᠯ᠂ ᠡᠷᠳᠠᠨᠢ ᠰᠢᠰᠢ᠂ ᠰᠢᠷ᠎ᠠ ᠪᠤᠷᠴᠠᠭ ᠵᠠᠷᠭᠡ ᠬᠠᠳᠠᠭᠤ ᠪᠤᠷᠳᠤᠭ᠎ᠠ ᠪᠤᠯᠤᠨ ᠪᠤᠭᠤᠳᠠᠢ ᠵᠢᠨ ᠠᠭ᠎ᠠ᠂ ᠨᠤᠨᠳᠠᠭ ᠪᠤᠷᠳᠤᠭ᠎ᠠ ᠵᠠᠷᠭᠡ ᠵᠥᠭᠡᠯᠠᠨ ᠪᠤᠷᠳᠤᠭ᠎ᠠ᠎ᠪᠠᠷ ᠲᠠᠵᠢᠭᠡᠬᠦ᠎ᠳᠡᠭᠡᠨ ᠰᠠᠶ᠋ᠢᠳᠤᠷ ᠬᠤᠯᠢᠵᠤ ᠤᠷᠢᠳᠠᠪᠠᠷ ᠡᠪᠠᠰᠤ ᠥᠭᠴᠤ ᠲᠠᠵᠢᠭᠡᠨ᠂ ᠬᠠᠭ᠋ᠠᠰ ᠴᠠᠳᠬᠤ ᠥᠶ᠎ᠠ᠎ᠳᠤ ᠪᠠᠭ᠎ᠠ ᠪᠤᠷᠳᠤᠭ᠎ᠠ ᠨᠠᠮᠠᠵᠤ᠂ ᠢᠳᠠᠵᠤ ᠲᠠᠭᠤᠰᠬᠤ ᠥᠶ᠎ᠠ᠎ᠳᠤ ᠢᠯᠠᠬᠦᠭᠡᠨ ᠪᠤᠷᠳᠤᠭ᠎ᠠ ᠥᠭᠬᠦ ᠵᠢᠨ ᠲᠠᠭ᠋ᠠᠤ ᠥᠨᠤᠷ᠎ᠲᠠᠢ ᠪᠤᠷᠳᠤᠭ᠎ᠠ ᠵᠢ ᠨᠠᠮᠠᠨ᠎ᠠ᠃  

    4. ᠰᠢᠭᠡᠰᠦᠯᠢᠭ ᠡᠳ᠋ ᠨᠠᠮᠠᠵᠤ ᠲᠠᠵᠢᠭᠡᠨ᠎ᠠ  

      ᠰᠢᠭᠡᠰᠦᠯᠢᠭ ᠡᠳ᠋ ᠪᠤᠯ ᠤᠭᠤᠷᠠᠭ ᠨᠥᠬᠦᠪᠤᠷᠢᠯᠠᠬᠦ ᠴᠢᠬᠤᠯᠨ ᠠᠷᠭ᠎ᠠ ᠪᠤᠯᠬᠤ ᠶᠤᠮ᠃ 6 ᠰᠠᠷ᠎ᠠ ᠵᠢᠨ ᠨᠠᠰᠤ᠎ᠠᠴᠠ ᠲᠠᠭᠡᠭᠰᠢᠭᠢ ᠲᠤᠭᠤᠯ᠎ᠳᠤ 40~60 ᠭ᠋ᠷᠠᠮ ᠥᠭᠴᠤ ᠲᠠᠵᠢᠭᠡᠵᠤ᠂ ᠪᠤᠷᠳᠤᠨ ᠲᠠᠷᠭᠤᠯᠠᠭᠤᠯᠬᠤ ᠥᠭᠡᠷ᠎ᠲᠤ 70~100 ᠭ᠋ᠷᠠᠮ᠂ ᠨᠠᠰᠤᠨ᠎ᠳᠤ ᠬᠥᠷᠥᠭᠰᠠᠨ ᠥᠨᠢᠶ᠎ᠠ᠎ᠳᠤ ᠡᠳᠤᠷ ᠪᠥᠷᠢ 150 ᠭ᠋ᠷᠠᠮ ᠥᠭᠴᠤ ᠲᠠᠵᠢᠭᠡᠪᠠᠯ ᠰᠠᠶ᠋ᠢᠨ᠃ ᠰᠢᠭᠡᠰᠦᠯᠢᠭ ᠡᠳ᠋᠎ᠤᠨ ᠠᠮᠳᠠ ᠮᠠᠭᠤ ᠪᠠᠶ᠋ᠢᠳᠠᠭ᠎ᠠᠴᠠ 1%᠎ᠪᠠᠷ ᠨᠠᠷᠢᠯᠢᠭ ᠪᠤᠷᠳᠤᠭ᠎ᠠ᠎ᠲᠠᠢ ᠬᠤᠯᠢᠵᠤ ᠲᠠᠵᠢᠭᠡᠨ᠎ᠠ᠂ ᠲᠠᠵᠢᠭᠡᠭᠰᠠᠨ᠎ᠤ ᠲᠠᠷᠠᠭ᠎ᠠ ᠬᠠᠭ᠋ᠠᠰ ᠴᠠᠭ᠎ᠤᠨ ᠲᠤᠳᠤᠷ᠎ᠠ ᠤᠰᠤᠯᠠᠵᠤ ᠪᠤᠯᠬᠤ ᠥᠭᠡᠢ᠃ ᠡᠳᠤᠷ ᠪᠥᠷᠢ 13~15 ᠺᠢᠯᠥᠭᠷᠠᠮ ᠡᠪᠠᠰᠤ ᠥᠭᠴᠤ ᠲᠠᠵᠢᠭᠡᠨ᠎ᠠ᠃  

     5. ᠪᠥᠯᠢᠶᠠᠨ ᠤᠰᠤ ᠪᠷ ᠤᠰᠤᠯᠠᠪᠠᠯ ᠰᠠᠶ᠋ᠢᠨ

      ᠡᠪᠤᠯ ᠴᠠᠭ᠎ᠲᠤ ᠥᠭᠡᠷ᠎ᠢ ᠬᠥᠢ᠍ᠳᠠᠨ ᠤᠰᠤ᠎ᠪᠠᠷ ᠤᠰᠤᠯᠠᠵᠤ ᠪᠤᠯᠬᠤ ᠥᠭᠡᠢ᠃ 15~25 ᠭ᠋ᠷᠠᠳᠦ᠋ᠰ᠎ᠤᠨ ᠪᠥᠯᠢᠶᠠᠨ ᠤᠰᠤ᠎ᠪᠠᠷ ᠤᠰᠤᠯᠠᠬᠤ ᠵᠢᠨ ᠲᠠᠭ᠋ᠠᠤ ᠪᠥᠯᠢᠶᠠᠨ ᠤᠰᠤᠨ᠎ᠳᠠᠭᠠᠨ ᠲᠠᠪᠤᠰᠤ ᠨᠠᠮᠠᠪᠠᠯ ᠰᠠᠶ᠋ᠢᠨ᠂ ᠲᠠᠪᠤᠰᠤ ᠨᠠᠮᠠᠬᠦ ᠭᠡᠮᠵᠢᠶ᠎ᠠ ᠵᠢ ᠡᠳᠤᠷ᠎ᠲᠤ 150 ᠭ᠋ᠷᠠᠮ ᠪᠤᠯᠪᠠᠯ ᠪᠤᠯᠴᠢᠬᠠᠨ᠎ᠠ᠃ ᠪᠥᠯᠢᠶᠠᠨ ᠤᠰᠤ᠎ᠪᠠᠷ ᠤᠰᠤᠯᠠᠪᠠᠯ ᠬᠠᠯᠠᠭᠤᠨ᠎ᠢ ᠪᠠᠭᠤᠷᠠᠭᠤᠯᠵᠤ᠂ ᠥᠷᠪᠢᠰᠤᠯ᠎ᠢ ᠲᠠᠷᠤᠬᠤ᠂ ᠢᠳᠠᠭᠡᠨ᠎ᠤ ᠲᠤᠷᠠᠰᠢᠯ᠎ᠢ ᠨᠠᠮᠡᠭᠳᠠᠬᠦᠯᠵᠤ᠂ ᠲᠠᠷᠭᠤ ᠠᠪᠬᠤ᠎ᠳᠤ ᠰᠠᠶ᠋ᠢᠨ ᠶᠤᠮ᠃ ᠡᠬᠦᠨ᠎ᠠᠴᠠ ᠭᠠᠳᠠᠨ᠎ᠠ᠂ ᠡᠷᠠᠬᠦᠯ ᠬᠠᠮᠠᠭ᠋ᠠᠯᠠᠯ᠎ᠢ ᠰᠠᠶ᠋ᠢᠳᠤᠷ ᠭᠢᠵᠤ᠂ ᠥᠭᠡᠷ᠎ᠤᠨ ᠬᠠᠰᠢᠶ᠎ᠠ ᠬᠤᠷᠤᠭ᠎ᠠ ᠵᠢ ᠥᠷᠬᠦᠯᠵᠢ ᠴᠠᠪᠠᠷᠯᠠᠵᠤ᠂ ᠬᠠᠭᠤᠷᠠᠢ ᠰᠢᠷᠤᠢ ᠲᠠᠪᠢᠰᠴᠤ᠂ ᠡᠳᠤᠷ ᠪᠥᠷᠢ ᠵᠢᠨ ᠥᠳᠠ᠎ᠳᠤ ᠥᠭᠡᠷ᠎ᠢ ᠨᠠᠷᠠᠨ᠎ᠳᠤ ᠡᠭᠡᠭᠡᠵᠤ᠂ ᠪᠠᠶ᠎ᠠ ᠵᠢ᠎ᠨᠢ ᠲᠠᠮᠤᠷ ᠱᠤᠸᠠᠰᠨ᠎ᠪᠠᠷ ᠱᠤᠸᠠᠰᠠᠳᠠᠵᠤ᠂ ᠴᠢᠰᠤᠨ᠎ᠤ ᠡᠷᠭᠢᠯᠳᠠ ᠵᠢ ᠠᠭᠢᠭᠤᠯᠤᠨ᠎ᠠ᠃

ᠢᠷᠡᠯᠲᠡ᠄ ᠰᠢᠨ᠎ᠡ ᠮᠠᠯᠴᠢᠳ᠎ᠤᠨ ᠰᠤᠨᠢᠨ
          
ᠬᠠᠮᠢᠶ᠎ᠡ ᠪᠦᠬᠦᠢ ᠰᠣᠨᠢᠨ
ᠲᠦᠮᠦᠰᠦ ᠢᠳᠡᠬᠦ ᠵᠢᠨ ᠭᠤᠷᠪᠡᠡ ᠶᠡᠭᠡ ᠠᠴᠢ ᠲᠤᠰᠠ
ᠰᠤᠷᠲ᠎ᠤᠨ ᠦᠷ᠎ᠡ ᠵᠢᠨ ᠴᠢᠨᠠᠷ᠎ᠤᠨ ᠱᠠᠭ᠋ᠠᠷᠳᠠᠯᠭ᠎ᠠ
ᠨᠠᠮᠤᠷ᠎ᠤᠨ ᠬᠤᠭᠤᠰ ᠪᠤᠶᠤ ᠳᠤᠮᠳᠠᠳᠤ ᠤᠯᠤᠰ᠎ᠤᠨ ᠳᠠᠷᠢᠶᠠᠴᠢᠳ᠎ᠤᠨ ᠡᠯᠪᠡᠭ ᠬᠤᠷᠢᠶᠠᠯᠳᠠ ᠵᠢᠨ ᠪᠠᠶᠠᠷ
ᠨᠠᠮᠤᠷ᠎ᠤᠨ ᠬᠤᠭᠤᠰ᠎ᠤᠨ 《ᠬᠤᠭᠤᠰ》᠎ᠨᠢ ᠶᠠᠮᠠᠷ ᠤᠳᠬ᠎ᠠ᠎ᠲᠠᠢ ᠪᠤᠢ?
ᠡᠪᠡᠰᠤ ᠪᠡᠯᠴᠢᠭᠡᠷ ᠪᠤᠯᠤᠨ ᠲᠡᠵᠢᠭᠡᠯ ᠪᠤᠷᠳᠤᠭ᠎ᠠ ᠲᠠᠷᠢᠬᠤ ᠲᠠᠯᠠᠪᠠᠢ᠎ᠨᠢ ᠶᠠᠮᠠᠷ ᠦᠢ᠍ᠯᠡᠳᠦᠯ᠎ᠲᠠᠢ ᠪᠤᠢ?
 
             蒙ICP备05000248号