ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠬᠠᠷ᠎ᠠ ᠨᠠᠷᠠᠰᠤᠨ᠎ᠤ ᠴᠢᠬᠢ ᠪᠤᠶ᠋ᠢᠵᠢᠭᠤᠯᠬᠤ ᠠᠷᠭ᠎ᠠ
ᠨᠡᠶ᠋ᠢᠲᠡᠯᠡᠭᠰᠡᠨ ᠴᠠᠭ᠄ 2022-09-08

      ᠬᠠᠷ᠎ᠠ ᠨᠠᠷᠠᠰᠤ ᠵᠢ ᠳᠡᠭᠰᠢ ᠭᠠᠵᠠᠷ᠎ᠤᠨ ᠲᠤᠭᠳᠠᠭᠰᠠᠨ ᠴᠢᠬᠢ ᠮᠤᠳᠤᠨ᠎ᠤ ᠬᠦᠷᠢᠶᠡᠯᠡᠩ᠎ᠳᠤ ᠴᠢᠬᠢ ᠪᠤᠶ᠋ᠢᠵᠢᠭᠤᠯᠬᠤ ᠪᠤᠶᠤ ᠠᠭᠤᠯᠠᠨ ᠭᠠᠵᠠᠷ᠎ᠤᠨ ᠲᠦᠷ ᠴᠠᠭ᠎ᠤᠨ ᠴᠢᠬᠢ ᠮᠤᠳᠤᠨ᠎ᠤ ᠬᠦᠷᠢᠶᠡᠯᠡᠩ᠎ᠳᠤ ᠴᠢᠬᠢ ᠪᠤᠶ᠋ᠢᠵᠢᠭᠤᠯᠳᠠᠭ᠂ ᠤᠷᠴᠢᠮ᠎ᠤᠨ ᠵᠢᠯ᠎ᠳᠤ ᠵᠠᠷᠢᠮ ᠭᠠᠵᠠᠷ᠎ᠤᠨ᠎ᠬᠢᠨ ᠪᠠᠰᠠ ᠰᠠᠪᠠᠨ ᠳᠤᠳᠤᠷ᠎ᠠ ᠴᠢᠬᠢ ᠪᠤᠶ᠋ᠢᠵᠢᠭᠤᠯᠵᠤ ᠪᠤᠢ᠃

     1. ᠳᠡᠭᠰᠢ ᠭᠠᠵᠠᠷ᠎ᠤᠨ ᠴᠢᠬᠢ ᠮᠤᠳᠤᠨ᠎ᠤ ᠬᠦᠷᠢᠶᠡᠯᠡᠩ᠎ᠳᠤ ᠴᠢᠬᠢ ᠪᠤᠶ᠋ᠢᠵᠢᠭᠤᠯᠬᠤ᠄ ᠴᠢᠬᠢ ᠮᠤᠳᠤ ᠪᠤᠶ᠋ᠢᠵᠢᠭᠤᠯᠬᠤ᠎ᠳᠤ ᠤᠰᠤ ᠳᠠᠳᠠᠷᠠᠭᠤᠯᠬᠤ ᠨᠦᠬᠦᠴᠡᠯ᠎ᠲᠠᠢ᠂ ᠤᠰᠤᠯᠠᠬᠤ᠎ᠳᠤ ᠲᠦᠭᠦᠮ᠂ ᠬᠦᠨ ᠵᠤᠵᠠᠭ᠋ᠠᠨ ᠬᠦᠷᠦᠰᠦᠨ ᠲᠠᠪᠬᠤᠷᠭ᠎ᠠ ᠪᠦᠬᠦᠢ ᠡᠯᠡᠰᠤᠷᠬᠡᠭ ᠭᠠᠵᠠᠷ ᠪᠤᠶᠤ ᠪᠦᠳᠦᠭᠦᠪᠳᠦᠷ ᠰᠡᠪᠰᠡᠭᠡᠷ ᠵᠦᠭᠡᠯᠡᠨ ᠰᠢᠷᠤᠢ᠎ᠲᠠᠢ ᠭᠠᠵᠠᠷ᠎ᠢ ᠰᠤᠩᠭᠤᠪᠠᠯ ᠰᠠᠶ᠋ᠢᠨ᠃ ᠬᠠᠷ᠎ᠠ ᠨᠠᠷᠠᠰᠤᠨ᠎ᠤ ᠴᠢᠬᠢ ᠮᠤᠳᠤ ᠵᠢ ᠵᠢᠯ ᠳᠠᠷᠠᠭ᠋ᠠᠯᠠᠵᠤ ᠨᠢᠭᠡ ᠭᠠᠵᠠᠷ ᠲᠠᠷᠢᠬᠤ ᠠᠷᠭ᠎ᠠ ᠨᠡᠯᠢᠶᠡᠳ ᠪᠦᠳᠦᠮᠵᠢᠳᠡᠢ ᠶᠤᠮ᠃ ᠴᠢᠬᠢ ᠮᠤᠳᠤ ᠢᠳᠡᠷᠡᠭᠦᠨ ᠲᠤᠷᠪᠢᠯᠢᠭ ᠤᠷᠭᠤᠬᠤ᠎ᠪᠠᠷ ᠦᠯᠦ ᠪᠠᠷᠠᠨ ᠬᠡᠮᠳᠦᠯ᠎ᠢ ᠡᠰᠡᠷᠭᠦᠴᠡᠬᠦ ᠴᠢᠳᠠᠯ᠎ᠨᠢ ᠴᠦ᠍ ᠨᠡᠮᠡᠭᠳᠡᠳᠡᠭ᠃ ᠴᠢᠬᠢ ᠪᠤᠶ᠋ᠢᠵᠢᠭᠤᠯᠬᠤ ᠭᠠᠵᠠᠷ᠎ᠢ ᠭᠦᠨ ᠤᠷᠪᠠᠭᠤᠯᠵᠤ ᠳᠡᠭᠰᠢᠯᠡᠭᠡᠳ ᠬᠠᠷ᠎ᠠ ᠪᠤᠷᠳᠤᠭᠤᠷ ᠵᠡᠷᠭᠡ ᠤᠷᠭ᠋ᠠᠨᠢᠭ ᠪᠤᠷᠳᠤᠭᠤᠷ ᠵᠶ᠋ᠠᠷ ᠭᠤᠤᠯᠯᠠᠵᠤ ᠵᠤᠬᠢᠬᠤ ᠬᠡᠮᠵᠢᠶᠡᠨ᠎ᠤ ᠬᠡᠳᠦ ᠹᠤᠰᠹᠤᠷ ᠬᠦᠴᠢᠯ᠎ᠤᠨ ᠺᠠᠯᠢ ᠬᠤᠯᠢᠭᠰᠠᠨ ᠪᠤᠷᠳᠤᠭᠤᠷ ᠤᠷᠤᠭᠤᠯᠤᠨ᠎ᠠ᠃ ᠬᠠᠷ᠎ᠠ ᠨᠠᠷᠠᠰᠤᠨ᠎ᠤ ᠴᠢᠬᠢ ᠮᠤᠳᠤ ᠵᠢ ᠬᠠᠪᠤᠷ ᠨᠠᠮᠤᠷ ᠪᠦᠷ ᠲᠠᠷᠢᠵᠤ ᠪᠤᠯᠤᠨ᠎ᠠ᠂ ᠶᠠᠷᠤ᠎ᠳᠤ᠎ᠪᠠᠨ ᠬᠠᠪᠤᠷ ᠲᠠᠷᠢᠬᠤ᠎ᠨᠢ ᠰᠠᠶ᠋ᠢᠨ ᠪᠦᠭᠡᠳ ᠴᠠᠭ᠎ᠤᠨ ᠲᠠᠯ᠎ᠠ᠎ᠪᠠᠷ ᠡᠷᠳᠡ ᠲᠠᠷᠢᠬᠤ ᠎ᠠᠴᠠ ᠪᠢᠰᠢ ᠤᠷᠤᠢ ᠲᠠᠷᠢᠵᠤ ᠪᠤᠯᠬᠤ ᠦᠭᠡᠢ᠃

     2. ᠠᠭᠤᠯᠠᠨ ᠭᠠᠵᠠᠷ ᠴᠢᠬᠢ ᠪᠤᠶ᠋ᠢᠵᠢᠭᠤᠯᠬᠤ᠄ ᠬᠠᠷ᠎ᠠ ᠨᠠᠷᠠᠰᠤᠨ᠎ᠤ ᠴᠢᠬᠢ ᠮᠤᠳᠤ ᠵᠢ ᠠᠭᠤᠯᠠᠨ ᠭᠠᠵᠠᠷ ᠪᠤᠶ᠋ᠢᠵᠢᠭᠤᠯᠪᠠᠯ ᠲᠠᠷᠢᠬᠤ ᠭᠠᠵᠠᠷ᠎ᠠᠴᠠ ᠤᠶ᠋ᠢᠷᠠᠯᠴᠠᠭ᠎ᠠ᠂ ᠴᠢᠬᠢ ᠮᠤᠳᠤ ᠵᠢ ᠰᠢᠷᠤᠢ᠎ᠲᠠᠢ᠎ᠨᠢ ᠠᠪᠴᠤ ᠪᠤᠯᠬᠤ᠂ ᠵᠦᠭᠡᠭᠡᠪᠤᠷᠢᠯᠡᠬᠦ᠎ᠳᠤ ᠦᠨᠳᠦᠰᠦ᠎ᠨᠢ ᠭᠡᠮᠳᠦᠬᠦ ᠦᠭᠡᠢ᠂ ᠴᠢᠬᠢ ᠮᠤᠳᠤᠨ᠎ᠤ ᠬᠦᠷᠢᠶᠡᠯᠡᠩ᠎ᠤᠨ ᠭᠠᠵᠠᠷ ᠪᠠ ᠬᠠᠮᠢᠶᠠᠷᠤᠯᠳᠠ ᠵᠢᠨ ᠵᠠᠷᠤᠳᠠᠯ ᠰᠦᠢ᠍ᠳᠭᠡᠯ᠎ᠢ ᠠᠷᠪᠢᠯᠠᠵᠤ ᠪᠤᠯᠬᠤ ᠵᠡᠷᠭᠡ ᠠᠯᠢ ᠤᠯᠠᠨ ᠰᠠᠶ᠋ᠢᠨ ᠲᠠᠯ᠎ᠠ᠎ᠲᠠᠢ ᠪᠠᠶ᠋ᠢᠳᠠᠭ᠃ ᠠᠭᠤᠯᠠᠨ ᠭᠠᠵᠠᠷ ᠴᠢᠬᠢ ᠪᠤᠶ᠋ᠢᠵᠢᠭᠤᠯᠬᠤ᠎ᠳᠤ ᠬᠠᠮᠤᠭ ᠰᠠᠶ᠋ᠢᠨ᠎ᠨᠢ ᠲᠦᠷᠦᠭᠦᠦ ᠵᠢᠯ᠎ᠤᠨ ᠬᠢᠨᠢ ᠪᠤᠷᠤᠭ᠋ᠠᠨ᠎ᠤ ᠤᠯᠠᠷᠢᠯ᠎ᠳᠤ ᠡᠪᠡᠰᠦ ᠦᠷᠡᠯᠡᠬᠦ᠎ᠠᠴᠠ ᠡᠮᠦᠨ᠎ᠡ ᠭᠦᠨ ᠤᠷᠪᠠᠭᠤᠯᠤᠨ᠂ ᠲᠤᠰ ᠵᠢᠯ᠎ᠤᠨ ᠬᠢᠨᠢ ᠨᠠᠮᠤᠷ᠎ᠤᠨ ᠰᠡᠭᠦᠯᠴᠢ ᠎ᠪᠠᠷ ᠪᠤᠶᠤ ᠢᠷᠡᠬᠦ ᠬᠠᠪᠤᠷ᠎ᠨᠢ ᠨᠠᠷᠠᠭᠳᠠᠵᠤ ᠳᠡᠭᠰᠢᠯᠡᠨ᠎ᠡ᠃

     3. ᠰᠠᠪᠠᠨ᠎ᠳᠤ ᠴᠢᠬᠢ ᠪᠤᠶ᠋ᠢᠵᠢᠭᠤᠯᠬᠤ᠄ ᠤᠷᠴᠢᠮ᠎ᠤᠨ ᠵᠢᠯ᠎ᠳᠤ ᠵᠠᠷᠢᠮ ᠭᠠᠵᠠᠷ᠎ᠤᠨ᠎ᠬᠢᠨ ᠰᠠᠪᠠᠨ᠎ᠳᠤ ᠴᠢᠬᠢ ᠪᠤᠶ᠋ᠢᠵᠢᠭᠤᠯᠬᠤ ᠠᠷᠭ᠎ᠠ ᠵᠢ ᠠᠪᠴᠤ ᠪᠤᠢ᠃ ᠭᠤᠤᠯ᠎ᠨᠢ ᠨᠦᠮᠦᠷᠢ ᠭᠠᠵᠠᠷ᠂ ᠤᠰᠤ᠎ᠲᠠᠢ ᠤᠶ᠋ᠢᠷᠠᠯᠴᠠᠭ᠎ᠠ᠂ ᠵᠠᠶ᠋ᠢᠯᠠᠬᠤ ᠭᠠᠵᠠᠷ᠎ᠲᠠᠢ᠎ᠪᠠᠨ ᠪᠠᠬᠢᠭᠤ ᠭᠠᠵᠠᠷ᠎ᠢ ᠰᠤᠩᠭᠤᠵᠤ ᠴᠢᠬᠢ ᠪᠤᠶ᠋ᠢᠵᠢᠭᠤᠯᠬᠤ ᠭᠠᠵᠠᠷ ᠪᠤᠯᠭ᠋ᠠᠵᠤ ᠪᠤᠢ᠂ ᠪᠠᠭ᠎ᠠ ᠬᠡᠮᠵᠢᠶᠡᠨ᠎ᠤ ᠴᠢᠬᠢ ᠪᠤᠶ᠋ᠢᠵᠢᠭᠤᠯᠬᠤ᠎ᠳᠤ ᠠᠶ᠋ᠢᠯ᠎ᠤᠨ ᠬᠦᠪᠡᠭᠡ ᠵᠠᠬ᠎ᠠ᠂ ᠭᠤᠤ ᠰᠤᠪᠠᠭ᠎ᠤᠨ ᠬᠦᠪᠡᠭᠡ ᠵᠠᠪᠰᠠᠷ ᠪᠦᠷ ᠪᠤᠯᠤᠨ᠎ᠠ᠃ ᠭᠠᠵᠠᠷ ᠵᠶ᠋ᠠᠨ ᠤᠷᠪᠠᠭᠤᠯᠤᠭᠰᠠᠨ᠎ᠤ ᠳᠠᠷᠠᠭ᠎ᠠ ᠮᠤᠳᠤᠨ ᠦᠯᠢᠭᠡᠷ᠂ ᠲᠡᠮᠦᠷ ᠢᠯᠳᠡᠰᠦᠨ ᠦᠯᠢᠭᠡᠷ ᠵᠡᠷᠭᠡ᠎ᠪᠠᠷ ᠪᠢᠴᠢᠬᠠᠨ ᠴᠤᠮᠤ ᠮᠠᠶᠢᠭ᠎ᠤᠨ ᠰᠠᠪᠠ ᠬᠢᠵᠤ᠂ ᠳᠡᠭᠡᠷ᠎ᠡ᠎ᠨᠢ 2 ᠰᠡᠨᠲ᠋ᠢᠮᠧᠳ᠋ᠷ᠎ᠤᠨ ᠳ᠋ᠢᠶᠠᠮᠧᠲᠷ᠎ᠲᠠᠢ ᠪᠢᠴᠢᠬᠠᠨ ᠠᠮᠠᠰᠠᠷ ᠦᠯᠡᠳᠡᠭᠡᠨ᠎ᠡ᠃ ᠴᠢᠬᠢ ᠮᠤᠳᠤᠨ᠎ᠤ ᠤᠩᠭᠤᠴᠠᠨ ᠲᠤᠳᠤᠷ᠎ᠠ᠎ᠪᠠᠨ 5 ᠰᠡᠨᠲ᠋ᠢᠮᠧᠳ᠋ᠷ ᠬᠢᠷᠢ ᠵᠤᠵᠠᠭ᠋ᠠᠨ ᠨᠠᠩᠭᠢ ᠰᠢᠷᠤᠢ ᠳᠡᠪᠢᠰᠴᠤ᠂ ᠳᠡᠭᠡᠷ᠎ᠡ᠎ᠨᠢ ᠦᠩ ᠰᠢᠮᠡᠳᠦ ᠰᠢᠷᠤᠢ᠎ᠪᠠᠷ ᠲᠦᠭᠦᠷᠭᠡᠭᠰᠡᠨ ᠪᠢᠴᠢᠬᠠᠨ ᠰᠠᠪᠠ᠎ᠪᠠᠨ ᠵᠢᠭᠳᠡ ᠰᠠᠶ᠋ᠢᠬᠠᠨ ᠵᠡᠷᠭᠡᠴᠡᠭᠦᠯᠦᠭᠡᠳ ᠰᠠᠪᠠ ᠪᠦᠷᠢ᠎ᠳᠤ 7 — — 8 ᠦᠷ᠎ᠡ ᠲᠠᠷᠢᠨ᠎ᠠ᠃

ᠢᠷᠡᠯᠲᠡ᠄ 《ᠮᠠᠯᠴᠢᠨ ᠲᠠᠷᠢᠶᠠᠴᠢᠨ᠎ᠤ ᠬᠡᠷᠡᠭᠯᠡᠭᠡᠨ᠎ᠤ ᠮᠡᠷᠭᠡᠵᠢᠯ ᠴᠤᠪᠤᠷᠠᠯ ᠪᠢᠴᠢᠭ》
          
ᠬᠠᠮᠢᠶ᠎ᠡ ᠪᠦᠬᠦᠢ ᠰᠣᠨᠢᠨ
ᠳᠠᠷᠢᠮᠠᠯ᠎ᠤᠨ ᠭᠠᠩ᠎ᠢ ᠡᠰᠡᠷᠬᠦᠴᠡᠬᠦ ᠠᠷᠭ᠎ᠠ ᠪᠠᠷᠢᠯ᠎ᠳᠤ ᠶᠠᠮᠠᠷ ᠬᠡᠳᠥᠨ ᠵᠥᠢ᠍ᠯ ᠪᠠᠶ᠋ᠢᠳᠠᠭ ᠪᠤᠢ
ᠢᠷᠡᠭᠡᠳᠦᠢ᠎ᠳᠤ ᠢᠳᠡᠰᠢᠨ ᠨᠤᠭᠤᠭ᠎ᠠ ᠪᠤᠯᠬᠤ ᠬᠠᠨᠳᠤᠰᠢ᠎ᠲᠠᠢ ᠤᠷᠭᠤᠮᠠᠯ — ᠪᠦᠮᠪᠦᠭᠡᠨ ᠲᠤᠷᠤᠭᠤ
ᠬᠤᠷᠢᠨ ᠳᠦᠷᠪᠡᠨ ᠴᠠᠭ ᠤᠯᠠᠷᠢᠯ
ᠭᠠᠨᠭ᠌ ᠬᠠᠭᠤᠷᠠᠢ ᠤᠷᠤᠨ ᠵᠶ᠋ᠠᠷ ᠲᠠᠷᠢᠬᠤ ᠬᠠᠷ᠎ᠠ ᠪᠤᠭᠤᠳᠠᠢ ᠡᠪᠡᠰᠤ
ᠦᠬᠡᠷ᠎ᠢ ᠬᠡᠷᠬᠢᠨ ᠳᠡᠵᠢᠬᠡᠪᠡᠯ ᠡᠪᠣᠯ ᠳᠠᠷᠭᠤ ᠮᠠᠭᠤᠳᠠᠬᠤ ᠦᠭᠡᠢ ᠪᠣᠢ
 
             蒙ICP备05000248号