ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠬᠤᠯᠣᠪᠠᠩ ᠲᠠᠷᠢᠬᠤ ᠮᠡᠷᠭᠡᠵᠢᠯ
ᠨᠡᠶ᠋ᠢᠲᠡᠯᠡᠭᠰᠡᠨ ᠴᠠᠭ᠄ 2022-09-06

      ᠬᠤᠯᠣᠪᠠᠩ ᠪᠡ ᠯᠣᠣᠪᠠᠩ ᠴᠦᠮ ᠦᠨᠳᠣᠰᠣᠯᠢᠭ ᠨᠣᠭᠤᠭ᠎ᠠ ᠵᠢᠨ ᠲᠦᠷᠣᠯ᠎ᠳᠤ ᠬᠠᠷᠢᠶᠠᠯᠠᠬᠳᠡᠬᠤ ᠪᠣᠯᠪᠠᠴᠣ ᠬᠤᠯᠣᠪᠠᠩ᠎ᠤᠨ ᠬᠦᠷᠣᠰᠣ ᠰᠢᠷᠣᠢ᠎ᠳᠤ ᠵᠣᠬᠢᠴᠠᠬᠤ ᠱᠠᠭ᠋ᠠᠷᠳᠡᠯᠭ᠎ᠠ᠎ᠨᠢ ᠯᠣᠣᠪᠠᠩ᠎ᠠᠴᠠ ᠬᠤᠯᠡ ᠦᠨᠳᠣᠷ ᠶᠣᠮ᠃ ᠬᠤᠯᠣᠪᠠᠩ᠎ᠤᠨ ᠮᠢᠬᠠᠯᠢᠭ ᠦᠨᠳᠣᠰᠣ᠎ᠨᠢ ᠪᠦᠬᠦ ᠪᠠᠶ᠎ᠠ᠎ᠪᠠᠷ ᠵᠶ᠋ᠠᠨ ᠬᠦᠷᠣᠰᠣᠨ ᠲᠣᠣᠷ᠎ᠡ ᠣᠷᠣᠰᠢᠵᠣ᠂ ᠭᠤᠣᠯ ᠦᠨᠳᠣᠰᠣᠨ᠎ᠤ ᠡᠷᠬᠢᠨ ᠲᠣᠭᠤᠷᠢᠨ᠎ᠳᠤ᠎ᠨᠢ 4 ᠡᠩᠨᠡᠭᠡ ᠬᠠᠵᠠᠭᠤ ᠦᠨᠳᠣᠰᠣ ᠰᠠᠯᠪᠣᠷᠢᠯᠠᠵᠣ ᠯᠣᠣᠪᠠᠩ᠎ᠤᠨ᠎ᠬᠢ ᠎ᠠᠴᠠ 1 ᠲᠠᠬᠢᠨ ᠢᠯᠡᠬᠦᠣ᠃ ᠠᠳᠡᠯᠢᠬᠠᠨ ᠨᠣᠭᠤᠭ᠎ᠠ ᠵᠢᠨ ᠭᠠᠵᠡᠷ᠎ᠲᠤ ᠴᠣ᠌ ᠬᠤᠯᠣᠪᠠᠩ᠎ᠤᠨ ᠮᠢᠬᠠᠯᠢᠭ ᠦᠨᠳᠣᠰᠣ ᠵᠢᠨ ᠰᠠᠯᠠᠭ᠋ᠠᠯᠠᠬᠤ ᠲᠣᠬᠢᠶᠠᠯ᠎ᠨᠢ ᠯᠣᠣᠪᠠᠩ᠎ᠤᠨ᠎ᠬᠢ᠎ᠠᠴᠠ ᠦᠨᠳᠣᠷ ᠶᠣᠮ᠃ ᠡᠶ᠋ᠢᠮᠣ᠎ᠠᠴᠠ ᠬᠤᠯᠣᠪᠠᠩ ᠲᠠᠷᠢᠵᠣ ᠪᠣᠶ᠋ᠢᠵᠢᠭᠤᠯᠬᠤ᠎ᠳᠤ ᠰᠦᠪᠡᠷᠭᠡᠭ ᠰᠢᠷᠣᠶ᠋ᠢᠳᠣ ᠬᠦᠷᠣᠰᠣ ᠪᠣᠶᠣ ᠡᠯᠡᠰᠣᠷᠭᠡᠭ ᠰᠢᠷᠣᠶ᠋ᠢᠳᠣ ᠬᠦᠷᠣᠰᠣ ᠵᠢ ᠰᠣᠩᠭᠤᠳᠠᠭ᠃ ᠡᠬᠦᠨ᠎ᠳᠤ ᠣᠣᠯ᠎ᠳᠤ᠎ᠪᠠᠨ ᠦᠷᠭᠡᠰᠣᠳᠣ ᠬᠡᠮᠬᠡ᠂ ᠲᠦᠪᠡᠳ ᠬᠠᠰᠢ᠂ ᠰᠣᠩᠬᠢᠨ᠎ᠠ᠂ ᠰᠠᠷᠢᠮᠰᠠᠭ᠂ ᠨᠠᠷᠢᠮᠣ ᠲᠠᠷᠢᠵᠣ ᠦᠩᠭᠡᠷᠡᠭᠰᠠᠨ ᠬᠦᠷᠣᠰᠣ ᠪᠣᠯ ᠨᠡᠩ ᠰᠠᠶ᠋ᠢᠨ᠃ ᠬᠡᠷᠪᠡ ᠬᠦᠷᠣᠰᠣ᠎ᠨᠢ ᠨᠠᠩᠬᠢᠯᠢᠭ ᠬᠠᠳᠡᠭᠤ ᠪᠦᠭᠡᠳ ᠰᠠᠯᠬᠢ ᠨᠠᠪᠳᠡᠷᠡᠯᠳᠡ ᠮᠠᠭᠤ ᠪᠣᠯ ᠦᠨᠳᠣᠰᠣᠨ᠎ᠤ ᠣᠷᠣᠮ ᠬᠦᠳᠣᠶ᠋ᠢᠨ ᠢᠯᠠᠷᠡᠵᠣ᠂ ᠭᠠᠳᠡᠷ ᠬᠠᠯᠢᠰᠣ᠎ᠨᠢ ᠠᠮᠠᠷᠬᠠᠨ ᠬᠠᠭ᠋ᠠᠷᠡᠭ᠋ᠠᠳ ᠴᠢᠨᠠᠷ ᠲᠠᠰ᠎ᠢ ᠲᠣᠷᠣᠬᠰᠢᠯᠠᠭᠤᠯᠳᠠᠭ᠃ ᠡᠶ᠋ᠢᠮᠣ᠎ᠠᠴᠠ ᠬᠦᠷᠣᠰᠣᠨ᠎ᠤ ᠨᠦᠬᠦᠴᠠᠯ᠎ᠢ ᠰᠠᠶ᠋ᠢᠵᠢᠷᠡᠭᠤᠯᠬᠤ ᠵᠢᠨ ᠲᠦᠯᠣᠭᠡ ᠭᠠᠵᠡᠷ ᠬᠠᠭ᠋ᠠᠯᠪᠣᠷᠢᠯᠠᠬᠤ᠎ᠠᠴᠠ ᠡᠮᠣᠨ᠎ᠠ ᠣᠯᠡ ᠪᠣᠷᠳᠣᠭᠤᠷ ᠣᠷᠣᠭᠤᠯᠳᠠᠭ᠃ ᠡᠬᠦᠨ᠎ᠳᠤ 667 ᠺᠤᠸᠠᠲ ᠮᠸᠲᠷ ᠪᠦᠷᠢ᠎ᠳᠤ 4000 ᠺᠢᠯᠣᠭ᠌ᠷᠡᠮ ᠪᠣᠯᠪᠠᠰᠣᠷᠡᠭ᠍ᠰᠠᠨ ᠰᠢᠭᠡᠭ ᠪᠣᠷᠳᠣᠭᠤᠷ᠂ 100 — 200 ᠺᠢᠯᠣᠭ᠌ᠷᠡᠮ ᠡᠪᠡᠰᠣ ᠮᠣᠳᠣᠨ ᠦᠨᠡᠰᠣ᠂ 10 — 15 ᠺᠢᠯᠣᠭ᠌ᠷᠡᠮ ᠬᠡᠳᠣ ᠹᠣᠰᠹᠣᠷ ᠬᠦᠴᠢᠯ᠎ᠤᠨ ᠺᠡᠯᠼ ᠣᠷᠣᠭᠤᠯᠣᠨ᠎ᠠ᠃ ᠬᠡᠷᠪᠡ ᠬᠦᠷᠣᠰᠣᠨ᠎ᠳᠠᠬᠢ ᠣᠷᠭ᠋ᠠᠨᠢᠭ ᠪᠣᠳᠡᠰ᠎ᠤᠨ ᠠᠭᠤᠯᠣᠬᠳᠡᠴᠠ᠎ᠨᠢ 1.5%᠎ᠠᠴᠠ ᠲᠡᠭᠡᠭᠰᠢ ᠪᠠᠶ᠋ᠢᠪᠡᠯ ᠣᠷᠭ᠋ᠠᠨᠢᠭ ᠪᠣᠷᠳᠣᠭᠤᠷ ᠣᠯᠳᠡᠬᠤ ᠦᠭᠡᠢ ᠪᠠᠶ᠋ᠢᠳᠡᠯ᠎ᠳᠤ ᠬᠢᠮᠢ ᠵᠢᠨ ᠪᠣᠷᠳᠣᠭᠤᠷ ᠵᠶ᠋ᠠᠷ ᠣᠷᠣᠭᠤᠯᠵᠣ ᠪᠣᠯᠣᠨ᠎ᠠ᠃

      ᠬᠤᠯᠣᠪᠡᠩ ᠪᠣᠯ ᠰᠠᠷᠢᠬᠦᠨ ᠴᠢᠨᠠᠷ᠎ᠲᠠᠢ ᠲᠠᠷᠢᠮᠠᠯ ᠪᠣᠯᠬᠤᠷ ᠲᠣᠯᠠᠭ᠋ᠠᠨ᠎ᠤ ᠬᠡᠮᠵᠢᠶ᠎ᠠ ᠭᠡᠳᠣ ᠲᠡᠭᠡᠭᠰᠢᠯᠠᠬᠦ ᠪᠣᠶᠣ ᠭᠡᠳᠣ ᠲᠣᠷᠣᠬᠰᠢᠯᠡᠪᠡᠯ ᠮᠢᠬᠠᠯᠢᠭ ᠦᠨᠳᠣᠰᠣᠨ᠎ᠤ ᠦᠰᠣᠯᠳᠡ ᠪᠡ ᠦᠩᠭᠡ ᠰᠠᠭᠤᠯᠳᠡ᠎ᠨᠢ ᠨᠦᠯᠣᠭᠡᠯᠡᠭᠳᠡᠳᠡᠭ᠃ ᠣᠨᠴᠠᠭ᠋ᠠᠶ᠋ᠢᠯᠡᠨ ᠵᠣᠨ᠎ᠤ ᠣᠯᠡᠷᠢᠯ᠎ᠳᠤ ᠬᠡᠳᠣ ᠦᠨᠳᠣᠷ ᠲᠣᠯᠠᠭ᠋ᠠᠨ᠎ᠨᠢ ᠦᠨᠳᠣᠰᠣᠨ᠎ᠤ ᠬᠡᠰᠡᠭ᠎ᠤᠨ ᠪᠣᠶ᠋ᠢᠵᠢᠯᠳᠡ ᠵᠢ ᠨᠦᠯᠣᠭᠡᠯᠡᠵᠣ ᠢᠯᠵᠢᠷᠡᠯ ᠡᠬᠦᠰᠬᠡᠬᠦ᠎ᠪᠠᠷ ᠦᠯᠣ ᠪᠠᠷᠡᠨ᠂ ᠲᠣᠯᠠᠭ᠋ᠠᠨ᠎ᠤ ᠬᠡᠮᠵᠢᠶ᠎ᠠ 15 — 21 ᠭ᠋ᠷᠡᠳᠦ᠋ᠰ᠎ᠠᠴᠠ ᠬᠡᠳᠣᠷᠡᠪᠡᠯ ᠬᠤᠯᠣᠪᠡᠩ᠎ᠤᠨ ᠡᠳ᠋᠎ᠤᠨ ᠪᠦᠷᠢᠯᠳᠣᠴᠠ ᠵᠢ ᠬᠠᠷᠰᠢᠯᠠᠵᠣ ᠮᠢᠬᠠᠯᠢᠭ ᠦᠨᠳᠣᠰᠣ ᠵᠢ ᠬᠦᠢ᠍ᠭᠡᠨ ᠦᠩᠭᠡ ᠎ᠲᠠᠢ ᠪᠣᠯᠭ᠋ᠠᠳᠠᠭ᠃

      ᠬᠤᠯᠣᠪᠠᠩ᠎ᠤᠨ ᠦᠷ᠎ᠡ᠎ᠳᠤ ᠲᠡᠭᠳᠡᠮᠡᠭᠡᠢ ᠲᠣᠰᠣ ᠠᠭᠤᠯᠣᠬᠳᠡᠵᠣ᠂ ᠦᠷ᠎ᠡ ᠵᠢᠨ ᠬᠠᠯᠢᠰᠣ᠎ᠨᠢ ᠰᠠᠷᠢᠰᠣᠯᠢᠭ ᠪᠦᠭᠡᠳ ᠦᠷᠭᠡᠰᠣᠯᠢᠭ ᠦᠰᠣ ᠣᠷᠭᠤᠳᠠᠭ ᠣᠴᠢᠷ᠎ᠠᠴᠠ ᠣᠰᠣ ᠰᠢᠩᠭᠡᠭᠡᠬᠦ᠎ᠨᠢ ᠣᠳᠡᠭ᠋ᠠᠨ ᠪᠠᠶ᠋ᠢᠳᠠᠭ᠃ ᠲᠠᠷᠢᠬᠤ ᠬᠤᠭᠤᠴᠠᠭ᠎ᠠ᠎ᠨᠢ ᠪᠠᠰᠠ ᠶᠠᠭ ᠰᠠᠶ᠋ᠢᠬᠠᠨ ᠵᠣᠨ᠎ᠤ ᠣᠯᠠᠷᠢᠯ᠎ᠳᠤ ᠲᠣᠬᠢᠶᠠᠯᠳᠣᠵᠣ᠂ ᠲᠣᠯᠠᠭ᠋ᠠᠨ᠎ᠤ ᠬᠡᠮᠵᠢᠶ᠎ᠠ ᠦᠨᠳᠣᠷ ᠪᠦᠭᠡᠳ ᠬᠦᠷᠣᠰᠣᠨ᠎ᠤ ᠣᠰᠣ ᠠᠯᠳᠡᠭ᠍ᠳᠡᠯ ᠲᠦᠷᠭᠡᠨ ᠪᠣᠯᠳᠠᠭ᠎ᠠᠴᠠ ᠣᠰᠣᠯᠠᠯᠳᠡ ᠵᠢᠨ ᠲᠠᠷᠠᠭ᠎ᠠ ᠠᠮᠠᠷᠬᠠᠨ ᠬᠠᠳᠡᠵᠣ ᠬᠠᠭᠰᠠᠷᠡᠳᠠᠭ᠃

      ᠬᠤᠯᠣᠪᠠᠩ᠎ᠤᠨ ᠦᠷ᠎ᠡ ᠵᠢᠵᠢᠭ ᠪᠦᠭᠡᠳ ᠬᠦᠷᠣᠰᠣ ᠨᠠᠪᠳᠡᠯᠬᠦ ᠴᠢᠳᠡᠯ ᠵᠶ᠋ᠠᠷ ᠮᠠᠭᠤ ᠪᠣᠯᠬᠤᠷ ᠲᠣᠩ ᠬᠦᠢ᠍ᠭᠡᠨ ᠲᠠᠷᠢᠳᠠᠭ᠃ ᠵᠠᠷᠢᠮ ᠦᠷ᠎ᠡ ᠵᠢᠨ ᠬᠦᠪᠣᠷᠡᠯ᠎ᠤᠨ ᠪᠣᠶ᠋ᠢᠵᠢᠯᠳᠡ ᠮᠠᠭᠤ᠂ ᠲᠠᠷᠡᠴᠢᠯᠡᠨ ᠬᠦᠪᠣᠷᠡᠯ ᠪᠦᠷᠢᠯᠳᠣᠬᠦ ᠦᠭᠡᠢ ᠲᠣᠯᠡ ᠰᠣᠶᠣᠭ᠋ᠠᠯᠠᠴᠠ ᠲᠣᠣᠷ᠎ᠡ ᠶᠣᠮ᠃ ᠵᠢᠯ ᠦᠨᠵᠢᠭᠰᠡᠨ ᠦᠷ᠎ᠡ ᠵᠢᠨ ᠰᠣᠶᠣᠭ᠋ᠠᠯᠠᠴᠠ᠎ᠨᠢ ᠵᠦᠪᠭᠡᠨ 65% ᠬᠦᠷᠬᠦ ᠲᠣᠯᠡ ᠵᠢᠭᠳᠡ ᠴᠢᠬᠢᠯᠡᠬᠦ ᠦᠭᠡᠢ ᠦᠵᠡᠭᠳᠡᠯ ᠡᠬᠦᠰᠳᠡᠭ᠃ ᠡᠶ᠋ᠢᠮᠣ᠎ᠠᠴᠠ ᠪᠦᠷᠢᠨ ᠴᠢᠬᠢᠯᠡᠬᠦᠯᠬᠦ ᠪᠣᠯ ᠡᠯᠪᠡᠭ ᠬᠤᠷᠢᠶᠠᠯᠳᠡ ᠣᠯᠬᠤ ᠵᠢᠨ ᠵᠠᠩᠬᠢᠯᠠᠭ᠎ᠠ ᠪᠣᠯᠬᠤ ᠶᠣᠮ᠃ ᠡᠬᠦᠨ᠎ᠳᠤ ᠴᠢᠬᠢᠯᠡᠬᠦ ᠬᠤᠭᠤᠴᠠᠭ᠋ᠠᠨ᠎ᠳᠠᠬᠢ ᠲᠣᠯᠠᠭ᠋ᠠᠨ᠎ᠢ ᠪᠠᠳᠣᠯᠠᠵᠣ᠂ ᠬᠦᠷᠣᠰᠣᠨ᠎ᠤ ᠬᠠᠳᠡᠵᠣ ᠬᠠᠭᠰᠠᠬᠤ ᠵᠢ ᠰᠠᠷᠭᠡᠶ᠋ᠢᠯᠡᠬᠦ ᠪᠣᠯ ᠪᠦᠷᠢᠨ ᠴᠢᠬᠢᠯᠡᠬᠦᠯᠬᠦ ᠵᠢᠨ ᠭᠤᠣᠯᠳᠡᠯᠭ᠎ᠠ ᠪᠣᠯᠣᠨ᠎ᠠ᠃
   

ᠢᠷᠡᠯᠲᠡ᠄ ᠬᠢᠩᠭ᠋ᠠᠨ᠎ᠤ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
ᠬᠠᠷ᠎ᠠ ᠨᠠᠷᠠᠰᠤᠨ᠎ᠤ ᠴᠢᠬᠢ ᠪᠤᠶ᠋ᠢᠵᠢᠭᠤᠯᠬᠤ ᠠᠷᠭ᠎ᠠ
ᠳᠠᠷᠢᠮᠠᠯ᠎ᠤᠨ ᠭᠠᠩ᠎ᠢ ᠡᠰᠡᠷᠬᠦᠴᠡᠬᠦ ᠠᠷᠭ᠎ᠠ ᠪᠠᠷᠢᠯ᠎ᠳᠤ ᠶᠠᠮᠠᠷ ᠬᠡᠳᠥᠨ ᠵᠥᠢ᠍ᠯ ᠪᠠᠶ᠋ᠢᠳᠠᠭ ᠪᠤᠢ
ᠢᠷᠡᠭᠡᠳᠦᠢ᠎ᠳᠤ ᠢᠳᠡᠰᠢᠨ ᠨᠤᠭᠤᠭ᠎ᠠ ᠪᠤᠯᠬᠤ ᠬᠠᠨᠳᠤᠰᠢ᠎ᠲᠠᠢ ᠤᠷᠭᠤᠮᠠᠯ — ᠪᠦᠮᠪᠦᠭᠡᠨ ᠲᠤᠷᠤᠭᠤ
ᠬᠤᠷᠢᠨ ᠳᠦᠷᠪᠡᠨ ᠴᠠᠭ ᠤᠯᠠᠷᠢᠯ
ᠭᠠᠨᠭ᠌ ᠬᠠᠭᠤᠷᠠᠢ ᠤᠷᠤᠨ ᠵᠶ᠋ᠠᠷ ᠲᠠᠷᠢᠬᠤ ᠬᠠᠷ᠎ᠠ ᠪᠤᠭᠤᠳᠠᠢ ᠡᠪᠡᠰᠤ
 
             蒙ICP备05000248号