
ᠳᠤᠮᠳᠠ ᠵᠡᠷᠭᠡ ᠵᠢᠨ (173 ᠭ᠋ᠷᠠᠮ) ᠤᠯᠠᠭ᠋ᠠᠨ ᠬᠦᠷᠡᠩ ᠥᠩᠭᠡᠲᠡᠢ ᠲᠥᠮᠥᠰᠥ
ᠺᠠᠯᠤᠷᠢ᠄ 164
ᠥᠭᠡᠬᠦ᠄ 0.2g
ᠨᠠᠲᠷᠢ᠄ 24 ᠮᠢᠯᠢᠭ᠌ᠷᠠᠮ
ᠨᠡᠭᠦᠷᠡᠰᠦ ᠤᠰᠤᠨ᠎ᠤ ᠨᠢᠭᠡᠳᠪᠦᠷᠢ᠄ 37g
ᠰᠢᠷᠬᠡᠭ᠄ 4g
ᠰᠢᠬᠢᠷ᠄ 1.9g
ᠤᠭᠤᠷᠠᠭ᠄ 4.6g
ᠨᠡᠭᠦᠷᠡᠰᠦ ᠤᠰᠤᠨ᠎ᠤ ᠨᠢᠭᠡᠳᠪᠦᠷᠢ
ᠳᠤᠮᠳᠠ ᠵᠡᠷᠭᠡ ᠵᠢᠨ ᠶᠡᠬᠡ ᠪᠠᠭᠠᠲᠠᠢ ᠤᠯᠠᠭ᠋ᠠᠨ ᠬᠦᠷᠡᠩ ᠥᠩᠭᠡᠲᠡᠢ ᠲᠥᠮᠥᠰᠥ᠎ᠨᠢ 37 ᠭ᠋ᠷᠠᠮ ᠨᠡᠭᠦᠷᠡᠰᠦ ᠤᠰᠤᠨ᠎ᠤ ᠨᠢᠭᠡᠳᠪᠦᠷᠢ ᠵᠢ ᠬᠠᠩᠭ᠋ᠠᠵᠤ᠂ ᠡᠭᠦᠨ᠎ᠤ ᠳᠣᠲᠣᠷ᠎ᠠ ᠵᠥᠪᠬᠡᠨ 4 ᠭ᠋ᠷᠠᠮ᠎ᠨᠢ ᠰᠢᠷᠬᠡᠭᠯᠢᠭ᠎ᠠᠴᠠ ᠢᠷᠡᠳᠡᠭ᠃ ᠣᠯᠠᠩᠬᠢ ᠲᠣᠭ᠋ᠠᠨ᠎ᠤ ᠨᠡᠭᠦᠷᠡᠰᠦ ᠤᠰᠤᠨ᠎ᠤ ᠨᠢᠭᠡᠳᠪᠦᠷᠢ᠎ᠨᠢ ᠴᠠᠷᠳᠠᠭᠤᠯ ᠪᠠᠶ᠋ᠢᠵᠤ᠂ ᠵᠥᠪᠬᠡᠨ ᠪᠠᠭ᠎ᠠ ᠬᠡᠮᠵᠢᠶᠡᠨ᠎ᠤ (2 ᠭ᠋ᠷᠠᠮ᠎ᠠᠴᠠ ᠳᠣᠷᠣᠭᠰᠢ)᠎ᠨᠢ ᠰᠢᠬᠢᠷ ᠪᠣᠯᠤᠨ᠎ᠠ᠃ ᠴᠠᠷᠳᠠᠭᠤᠯ ᠰᠢᠩᠭᠡᠭᠡᠯᠲᠡ ᠵᠢᠨ ᠶᠠᠪᠤᠴᠠ᠎ᠳᠤ ᠮᠠᠰᠢ ᠲᠦᠷᠭᠡᠨ ᠵᠶ᠋ᠠᠷ ᠴᠢᠰᠤᠨ ᠳᠣᠲᠣᠷᠠᠬᠢ ᠰᠢᠬᠢᠷ ᠪᠣᠯᠤᠨ ᠵᠠᠳᠠᠷᠠᠵᠤ᠂ ᠴᠢᠰᠤᠨ ᠰᠢᠬᠢᠷ᠎ᠤᠨ ᠬᠡᠮᠵᠢᠶ᠎ᠡ ᠵᠢ ᠦᠳᠲᠡᠷ ᠲᠦᠷᠭᠡᠨ ᠳᠡᠭᠡᠭᠰᠢᠯᠡᠭᠦᠯᠦᠨ᠎ᠡ᠃ ᠲᠥᠮᠥᠰᠥᠨ᠎ᠳᠤ ᠵᠥᠪᠬᠡᠨ ᠪᠢᠴᠢᠯ ᠬᠡᠮᠵᠢᠶᠡᠨ᠎ᠤ ᠥᠭᠡᠬᠦ ᠪᠠᠶ᠋ᠢᠳᠠᠭ᠂ ᠬᠠᠷᠢᠨ ᠡᠨᠡ ᠬᠦ᠌ ᠪᠢᠴᠢᠯ ᠬᠡᠮᠵᠢᠶᠡᠨ᠎ᠤ ᠥᠭᠡᠬᠦ ᠵᠢ ᠬᠠᠨᠤᠮᠠᠯ ᠥᠭᠡᠬᠦ ᠪᠠ ᠣᠯᠠᠨ ᠬᠠᠨᠤᠮᠠᠯ ᠪᠤᠰᠤ ᠥᠭᠡᠬᠦ ᠭᠡᠵᠦ ᠠᠩᠭᠢᠯᠠᠳᠠᠭ᠃ ᠲᠡᠳᠡᠭᠡᠷ᠎ᠲᠤ ᠪᠠᠰᠠ ᠪᠢᠴᠢᠯ ᠬᠡᠮᠵᠢᠶᠡᠨ᠎ᠤ omega-3 ᠥᠭᠡᠬᠦᠨ ᠬᠦᠴᠢᠯ ᠪᠠ omega-6 ᠥᠭᠡᠬᠦᠨ ᠬᠦᠴᠢᠯ ᠠᠭᠤᠯᠵᠤ ᠪᠠᠶ᠋ᠢᠳᠠᠭ᠃ ᠨᠢᠭᠡ ᠵᠦᠢ᠍ᠯ᠎ᠤᠨ ᠢᠳᠡᠰᠢᠨ ᠨᠣᠭᠣᠭ᠎ᠠ ᠪᠣᠯᠤᠭᠰᠠᠨ᠎ᠤ ᠬᠤᠪᠢ᠎ᠳᠤ᠂ ᠲᠡᠳᠡᠨ᠎ᠳᠤ ᠺᠤᠯᠧᠰᠲ᠋ᠧᠷᠤᠯ ᠠᠭᠤᠯᠬᠤ ᠦᠭᠡᠢ᠃
ᠤᠭᠤᠷᠠᠭ
ᠲᠥᠮᠥᠰᠥᠨ᠎ᠳᠤ ᠪᠠᠭ᠎ᠠ ᠬᠡᠮᠵᠢᠶᠡᠨ᠎ᠤ ᠤᠭᠤᠷᠠᠭ ᠠᠭᠤᠯᠳᠠᠭ᠂ ᠭᠡᠪᠡᠴᠦ ᠲᠡᠭᠦᠨ᠎ᠤ ᠰᠢᠪᠲᠦᠷᠲᠦ ᠬᠦᠴᠢᠯ᠎ᠤᠨ ᠪᠦᠷᠢᠯᠳᠦᠯ ᠪᠠ ᠰᠢᠩᠭᠡᠭᠡᠯᠲᠡ ᠵᠢᠨ ᠴᠢᠨᠠᠷ᠎ᠠᠴᠠ ᠤᠭᠤᠷᠠᠭ᠎ᠤᠨ ᠴᠢᠨᠠᠷ᠎ᠨᠢ ᠮᠠᠰᠢ ᠥᠨᠳᠥᠷ ᠪᠠᠶ᠋ᠢᠳᠠᠭ᠃ ᠡᠨᠡ᠎ᠨᠢ ᠤᠭᠤᠷᠠᠭ᠎ᠤᠨ ᠶᠠᠰᠤ ᠴᠢᠨᠠᠷ᠎ᠨᠢ ᠲᠠᠬᠢᠶᠠᠨ ᠥᠨᠳᠡᠭᠡ᠎ᠲᠠᠢ ᠠᠳᠠᠯᠢᠪᠲᠤᠷ᠂ ᠦᠨᠡᠨ᠎ᠳᠡᠭᠡᠨ ᠰᠢᠷ᠎ᠠ ᠪᠤᠷᠴᠠᠭ ᠪᠠ ᠪᠤᠰᠤᠳ ᠪᠤᠷᠴᠠᠭ᠎ᠤᠨ ᠲᠥᠷᠥᠯ᠎ᠠᠴᠠ ᠥᠨᠳᠥᠷ ᠪᠠᠶ᠋ᠢᠬᠤ ᠵᠢ ᠬᠠᠷᠠᠭᠤᠯᠵᠤ ᠪᠠᠶ᠋ᠢᠨ᠎ᠠ᠃
ᠸᠢᠲ᠋ᠠᠮᠢᠨ ᠪᠣᠯᠤᠨ ᠡᠷᠦᠳᠡᠰᠦ ᠪᠣᠳᠠᠰ
ᠲᠥᠮᠥᠰᠥ᠎ᠨᠢ ᠸᠢᠲ᠋ᠠᠮᠢᠨ C᠂ ᠸᠢᠲ᠋ᠠᠮᠢᠨ B6 ᠪᠣᠯᠤᠨ ᠺᠠᠯᠢ ᠵᠢ ᠪᠠᠭᠲᠠᠭ᠋ᠠᠭᠰᠠᠨ ᠣᠯᠠᠨ ᠵᠦᠢ᠍ᠯ᠎ᠤᠨ ᠸᠢᠲ᠋ᠠᠮᠢᠨ ᠪᠣᠯᠤᠨ ᠡᠷᠦᠳᠡᠰᠦ ᠵᠢ ᠬᠠᠩᠭ᠋ᠠᠳᠠᠭ᠃ ᠲᠡᠳᠡᠭᠡᠷ᠎ᠨᠢ ᠨᠠᠪᠴᠢᠨ᠎ᠤ ᠬᠦᠴᠢᠯ᠂ ᠲᠠᠮᠠᠬᠢᠨ ᠬᠦᠴᠢᠯ᠂ ᠲᠡᠮᠦᠷ᠂ ᠮᠠᠭᠨᠢ᠂ ᠹᠣᠰᠹᠣᠷ᠂ ᠵᠡᠰ ᠪᠠ ᠮᠠᠩᠭ᠋ᠠᠨᠤ ᠰᠠᠶ᠋ᠢᠨ ᠢᠷᠡᠯᠲᠡ ᠪᠣᠯᠤᠨ᠎ᠠ᠃ ᠲᠥᠮᠥᠰᠥ ᠵᠢ ᠭᠦᠢ᠍ᠴᠡᠳ ᠠᠰᠢᠭᠯᠠᠬᠤ ᠵᠢᠨ ᠲᠥᠯᠥᠭᠡ᠂ ᠲᠠ ᠲᠥᠮᠥᠰᠥ ᠵᠢᠨ ᠬᠠᠯᠢᠰᠤ ᠪᠠ ᠳᠣᠲᠣᠷ᠎ᠠ ᠵᠢ ᠢᠳᠡᠪᠡᠯ ᠵᠣᠬᠢᠨ᠎ᠠ᠂ ᠤᠴᠢᠷ᠎ᠨᠢ ᠵᠠᠷᠢᠮ ᠪᠢᠴᠢᠯ ᠬᠡᠮᠵᠢᠶᠡᠨ᠎ᠤ ᠰᠢᠮ᠎ᠡ ᠲᠡᠵᠢᠭᠡᠯ᠎ᠤᠨ ᠡᠳ᠋᠎ᠨᠢ ᠬᠠᠯᠢᠰᠤᠨ᠎ᠳᠤ ᠨᠡᠩ ᠢᠯᠡᠭᠦᠦ ᠲᠥᠪᠯᠡᠷᠡᠵᠦ ᠪᠠᠶ᠋ᠢᠳᠠᠭ᠃

ᠡᠷᠡᠭᠦᠯ ᠮᠡᠨᠳᠦ᠎ᠳᠤ ᠠᠰᠢᠭᠲᠠᠢ ᠲᠠᠯ᠎ᠠ
ᠴᠢᠰᠤᠨ ᠳᠠᠷᠤᠯᠲᠠ ᠵᠢ ᠲᠣᠬᠢᠷᠠᠭᠤᠯᠬᠤ ᠲᠥᠮᠥᠰᠥᠨ᠎ᠳᠤ ᠺᠠᠯᠢ ᠡᠯᠪᠡᠭ ᠠᠭᠤᠯᠵᠤ᠂ ᠺᠠᠯᠢ᠎ᠨᠢ ᠨᠠᠳ᠋ᠷᠢ᠎ᠲᠠᠢ ᠡᠰᠡᠷᠭᠦ ᠪᠠᠶ᠋ᠢᠵᠤ᠂ ᠴᠢᠰᠤᠨ ᠳᠠᠷᠤᠯᠲᠠ ᠪᠠ ᠪᠡᠶ᠎ᠡ ᠵᠢᠨ ᠰᠢᠩᠭᠡᠨ᠎ᠤ ᠲᠡᠩᠴᠡᠭᠦᠷᠢ ᠵᠢ ᠲᠣᠬᠢᠷᠠᠭᠤᠯᠬᠤ᠎ᠳᠤ ᠲᠤᠰᠠᠲᠠᠢ ᠪᠠᠶ᠋ᠢᠳᠠᠭ᠃ ᠺᠠᠯᠢ᠎ᠨᠢ ᠬᠡᠪ᠎ᠤᠨ ᠪᠤᠯᠴᠢᠩ ᠪᠠ ᠮᠡᠳᠡᠷᠡᠯ᠎ᠤᠨ ᠠᠵᠢᠯᠯᠠᠭ᠎ᠠ᠎ᠳᠤ ᠳᠤᠲᠠᠭᠳᠠᠵᠤ ᠪᠣᠯᠤᠰᠢ ᠦᠭᠡᠢ ᠶᠤᠮ᠃
ᠸᠢᠲ᠋ᠠᠮᠢᠨ C ᠪᠣᠯ ᠬᠡᠪ᠎ᠤᠨ ᠳᠠᠷᠬᠠᠯᠠᠭ᠎ᠠ ᠵᠢᠨ ᠰᠢᠰᠲ᠋ᠧᠮ᠎ᠤᠨ ᠠᠵᠢᠯᠯᠠᠭ᠎ᠠ᠂ ᠴᠢᠰᠤ ᠡᠭᠡᠳᠡᠷᠡᠬᠦ᠂ ᠴᠢᠩᠭ᠎ᠠ ᠬᠡᠯᠬᠢᠶ᠎ᠡ ᠨᠡᠬᠡᠳᠡᠰᠦ ᠪᠠ ᠴᠢᠰᠤᠨ ᠰᠤᠳᠠᠯ᠎ᠤᠨ ᠬᠠᠨᠠᠳᠤ ᠬᠡᠷᠡᠭᠴᠡᠭᠡ᠎ᠲᠠᠢ ᠪᠠᠶ᠋ᠢᠳᠠᠭ᠃ ᠸᠢᠲ᠋ᠠᠮᠢᠨ C᠎ᠨᠢ ᠪᠡᠶ᠎ᠡ᠎ᠳᠤ ᠬᠠᠳᠠᠭ᠋ᠠᠯᠠᠭᠳᠠᠵᠤ ᠳᠡᠶ᠋ᠢᠯᠬᠦ ᠦᠭᠡᠢ ᠤᠴᠢᠷ᠎ᠠᠴᠠ ᠡᠷᠬᠡᠪᠰᠢ ᠢᠳᠡᠭᠡᠨ ᠵᠶ᠋ᠠᠷ ᠳᠡᠮᠵᠢᠨ ᠰᠢᠩᠭᠡᠭᠡᠳᠡᠭ᠃ ᠨᠢᠭᠡ ᠰᠢᠷᠠᠭᠰᠠᠨ ᠲᠥᠮᠥᠰᠥ ᠪᠠᠷᠤᠭ 19% ᠵᠢᠨ ᠡᠳᠦᠷ ᠪᠦᠷᠢ ᠵᠢᠨ ᠸᠢᠲ᠋ᠠᠮᠢᠨ C.5 ᠵᠢᠨ ᠬᠡᠮᠵᠢᠶ᠎ᠡ ᠵᠢ ᠬᠠᠩᠭ᠋ᠠᠨ᠎ᠠ᠃
ᠲᠥᠮᠥᠰᠥᠨ᠎ᠤ ᠰᠢᠷᠬᠡᠭᠯᠢᠭ᠎ᠨᠢ ᠰᠢᠩᠭᠡᠭᠡᠯᠲᠡ᠂ ᠴᠢᠰᠤᠨ ᠰᠢᠬᠢᠷ᠎ᠢ ᠬᠢᠵᠠᠭ᠋ᠠᠷᠯᠠᠬᠤ᠂ ᠪᠡᠶ᠎ᠡ ᠵᠢᠨ ᠬᠦᠨᠳᠦ ᠵᠢ ᠬᠠᠮᠢᠶᠠᠷᠬᠤ᠂ ᠵᠢᠷᠦᠬᠡᠨ᠎ᠤ ᠡᠷᠡᠭᠦᠯ ᠮᠡᠨᠳᠦ ᠵᠡᠷᠭᠡ᠎ᠳᠤ ᠮᠠᠰᠢ ᠴᠢᠬᠤᠯᠠ ᠪᠠᠶ᠋ᠢᠳᠠᠭ᠃ ᠲᠥᠮᠥᠰᠥ᠂ ᠢᠯᠠᠩᠭᠤᠶ᠎ᠠ ᠲᠥᠮᠥᠰᠥ ᠵᠢᠨ ᠬᠠᠯᠢᠰᠤ ᠵᠢ ᠢᠳᠡᠬᠦ ᠦᠶ᠎ᠡ᠎ᠳᠤ ᠢᠳᠡᠭᠡᠨ᠎ᠤ ᠰᠢᠷᠬᠡᠭᠯᠢᠭ᠎ᠤᠨ ᠰᠠᠶ᠋ᠢᠨ ᠢᠷᠡᠯᠲᠡ ᠪᠣᠯᠳᠠᠭ᠃

ᠠᠰᠢᠭ ᠦᠭᠡᠢ ᠨᠥᠯᠥᠭᠡ
ᠫᠷᠤᠫᠧᠨᠢᠯ ᠠᠮᠢᠳ᠋ ᠪᠣᠯ ᠨᠢᠭᠡ ᠵᠦᠢ᠍ᠯ᠎ᠤᠨ ᠬᠣᠣᠷᠲᠤ ᠪᠣᠳᠠᠰ ᠮᠥᠨ᠂ ᠪᠣᠯᠪᠠᠰᠤᠷᠠᠭᠤᠯᠬᠤ ᠪᠤᠶᠤ ᠥᠨᠳᠥᠷ ᠳᠤᠯᠠᠭ᠋ᠠᠨ ᠵᠶ᠋ᠠᠷ ᠬᠠᠭᠤᠷᠴᠤ ᠬᠠᠭ᠋ᠠᠷᠢᠭᠰᠠᠨ ᠴᠠᠷᠳᠠᠭᠤᠯ᠎ᠤᠨ ᠲᠥᠷᠥᠯ᠎ᠤᠨ ᠢᠳᠡᠭᠡᠨ᠎ᠤ ᠳᠣᠲᠣᠷ᠎ᠠ ᠪᠦᠷᠢᠯᠳᠦᠳᠡᠭ᠃ ᠲᠡᠷᠡ᠎ᠨᠢ ᠲᠥᠮᠥᠰᠥ ᠪᠣᠯᠤᠨ ᠪᠤᠰᠤᠳ ᠴᠠᠷᠳᠠᠭᠤᠯ᠎ᠤᠨ ᠲᠥᠷᠥᠯ᠎ᠤᠨ ᠢᠳᠡᠭᠡᠨ᠎ᠢ ᠨᠥᠯᠥᠭᠡᠯᠡᠨ᠎ᠡ᠃ ᠫᠷᠤᠫᠧᠨᠢᠯ ᠠᠮᠢᠳ᠋᠎ᠨᠢ ᠥᠮᠡᠨ ᠡᠪᠡᠳᠴᠢᠨ ᠡᠭᠦᠰᠭᠡᠨ᠎ᠡ ᠭᠡᠳᠡᠭ᠎ᠢ ᠨᠢᠭᠡᠨᠲᠡ ᠭᠡᠷᠡᠴᠢᠯᠡᠭᠰᠡᠨ ᠪᠣᠯᠪᠠᠴᠤ ᠫᠷᠤᠫᠧᠨᠢᠯ ᠠᠮᠢᠳ᠋᠎ᠨᠢ ᠶᠠᠮᠠᠷ ᠬᠡᠮᠵᠢᠶᠡᠨ᠎ᠳᠤ ᠢᠯᠡᠷᠡᠪᠡᠯ ᠬᠥᠮᠦᠨ ᠲᠥᠷᠥᠯᠬᠢᠲᠡᠨ᠎ᠳᠤ ᠠᠶᠤᠯᠲᠠᠢ ᠭᠡᠳᠡᠭ᠎ᠢ ᠪᠢᠳᠡ ᠮᠡᠳᠡᠬᠦ ᠦᠭᠡᠢ᠃ ᠬᠠᠮᠤᠭ᠎ᠤᠨ ᠴᠢᠬᠤᠯᠠ᠎ᠨᠢ ᠲᠥᠮᠥᠰᠥ᠎ᠠᠴᠠ ᠣᠯᠤᠭᠰᠠᠨ ᠫᠷᠤᠫᠧᠨᠢᠯ ᠠᠮᠢᠳ᠋᠎ᠤᠨ ᠬᠡᠮᠵᠢᠶ᠎ᠡ ᠲᠤᠷᠰᠢᠯᠲᠠ ᠵᠢᠨ ᠲᠠᠰᠤᠭ᠎ᠤᠨ ᠠᠮᠢᠲᠠᠨ᠎ᠤ ᠰᠤᠳᠤᠯᠭ᠋ᠠᠨ᠎ᠤ ᠬᠡᠮᠵᠢᠶ᠎ᠡ᠎ᠠᠴᠠ ᠬᠣᠯᠠ ᠳᠣᠣᠷ᠎ᠠ ᠪᠠᠶ᠋ᠢᠬᠤ ᠵᠢ ᠠᠩᠬᠠᠷᠬᠤ ᠬᠡᠷᠡᠭᠲᠡᠢ᠃ ᠤᠷᠲᠤ ᠬᠤᠭᠤᠴᠠᠭ᠎ᠠ᠎ᠪᠠᠷ ᠥᠨᠳᠥᠷ ᠳᠤᠯᠠᠭ᠋ᠠᠨ᠎ᠳᠤ ᠬᠠᠭ᠋ᠠᠷᠢᠵᠤ ᠪᠤᠴᠠᠯᠭ᠋ᠠᠬᠤ ᠪᠠ ᠲᠥᠮᠥᠰᠥ ᠵᠢ ᠬᠠᠭᠰᠠᠭ᠋ᠠᠪᠠᠯ ᠬᠠᠮᠤᠭ ᠠᠷᠪᠢᠨ ᠫᠷᠤᠫᠧᠨᠢᠯ ᠠᠮᠢᠳ᠋ ᠡᠭᠦᠰᠴᠦ ᠮᠡᠳᠡᠨ᠎ᠡ᠂ ᠭᠡᠪᠡᠴᠦ ᠲᠥᠮᠥᠰᠥ ᠵᠢ ᠤᠷᠢᠳ ᠵᠶ᠋ᠠᠷ ᠪᠤᠴᠠᠯᠭ᠋ᠠᠬᠤ ᠪᠤᠶᠤ ᠢᠰᠦᠯᠳᠦᠬᠦ ᠵᠢ ᠡᠰᠡᠷᠭᠦᠴᠡᠬᠦ ᠠᠭᠤᠰᠤᠮᠠᠯ ᠵᠶ᠋ᠠᠷ ᠰᠢᠢ᠍ᠳᠪᠦᠷᠢᠯᠡᠬᠦ ᠦᠶ᠎ᠡ᠎ᠳᠤ᠂ ᠡᠳᠡᠭᠡᠷ ᠬᠡᠮᠵᠢᠶ᠎ᠡ᠎ᠨᠢ ᠪᠠᠭᠤᠷᠠᠵᠤ ᠮᠡᠳᠡᠨ᠎ᠡ᠃ ᠲᠠ ᠪᠠᠰᠠ ᠲᠥᠷᠥᠯ ᠵᠦᠢ᠍ᠯ ᠬᠠᠮᠤᠭ ᠣᠯᠠᠨ ᠲᠣᠬᠢᠶᠠᠯᠳᠤᠳᠠᠭ ᠲᠥᠮᠥᠰᠥ ᠵᠢᠨ ᠲᠥᠷᠥᠯ ᠵᠦᠢ᠍ᠯ ᠪᠣᠯ ᠴᠠᠭ᠋ᠠᠨ᠂ ᠰᠢᠷ᠎ᠠ ᠪᠠ ᠤᠯᠠᠭ᠋ᠠᠨ ᠲᠥᠮᠥᠰᠥ ᠪᠣᠯᠤᠨ᠎ᠠ᠂ ᠭᠡᠪᠡᠴᠦ ᠪᠠᠰᠠ ᠬᠥᠬᠡ ᠪᠠ ᠪᠣᠷᠣ ᠥᠩᠭᠡᠲᠡᠢ ᠲᠥᠮᠥᠰᠥ ᠪᠤᠢ᠃
ᠬᠠᠳᠠᠭ᠋ᠠᠯᠠᠬᠤ ᠪᠠ ᠢᠳᠡᠭᠡᠨ᠎ᠤ ᠠᠮᠤᠷ ᠲᠦᠪᠰᠢᠨ
ᠤᠬᠢᠶᠠᠵᠤ ᠥᠩᠭᠡᠷᠡᠭᠰᠡᠨ ᠦᠭᠡᠢ ᠲᠥᠮᠥᠰᠥ ᠵᠢ ᠰᠡᠭᠦᠳᠡᠷ᠂ ᠨᠣᠶ᠋ᠢᠲᠠᠨ᠂ ᠬᠠᠷᠠᠩᠭᠤᠢ ᠭᠠᠵᠠᠷ᠎ᠲᠤ ᠬᠡᠳᠦᠨ ᠭᠠᠷᠠᠭ ᠪᠤᠶᠤ ᠬᠡᠳᠦᠨ ᠰᠠᠷ᠎ᠠ ᠬᠠᠳᠠᠭ᠋ᠠᠯᠠᠵᠤ ᠪᠣᠯᠤᠨ᠎ᠠ᠃ ᠲᠡᠳᠡᠭᠡᠷ᠎ᠢ ᠴᠠᠭ᠋ᠠᠰᠤᠨ ᠤᠭᠤᠲᠠ ᠪᠤᠶᠤ ᠴᠠᠭ᠋ᠠᠰᠤᠨ ᠬᠠᠶ᠋ᠢᠷᠴᠠᠭ᠎ᠲᠤ ᠬᠢᠬᠦ᠎ᠠᠴᠠ ᠪᠢᠰᠢ᠂ ᠰᠦᠯᠢᠶᠣᠣ ᠤᠭᠤᠲᠠᠨ᠎ᠳᠤ ᠪᠤᠶᠤ ᠬᠥᠯᠳᠡᠭᠡᠭᠦᠷ᠎ᠲᠤ ᠬᠠᠳᠠᠭ᠋ᠠᠯᠠᠵᠤ ᠪᠣᠯᠬᠤ ᠦᠭᠡᠢ᠂ ᠤᠴᠢᠷ᠎ᠨᠢ ᠡᠨᠡ᠎ᠨᠢ ᠲᠥᠮᠥᠰᠥᠨ᠎ᠤ ᠳᠣᠲᠣᠷᠠᠬᠢ ᠫᠷᠤᠫᠧᠨᠢᠯ ᠠᠮᠢᠳ᠋ᠢ ᠨᠡᠮᠡᠭᠳᠡᠭᠦᠯᠳᠡᠭ᠃ ᠨᠣᠭᠣᠭ᠋ᠠᠨ ᠥᠩᠭᠡ᠎ᠲᠠᠢ ᠲᠥᠮᠥᠰᠥ ᠵᠢ ᠢᠳᠡᠵᠦ ᠪᠣᠯᠬᠤ ᠦᠭᠡᠢ᠃
ᠪᠡᠯᠡᠳᠬᠡᠭᠰᠡᠨ᠎ᠨᠢ᠄ ᠡᠷᠳᠡᠨᠢᠬᠦᠦ
ᠨᠠᠶ᠋ᠢᠷᠠᠭᠤᠯᠤᠭᠰᠠᠨ᠎ᠨᠢ᠄ ᠨᠠᠮᠤᠷ
ᠬᠢᠨᠠᠭᠰᠠᠨ᠎ᠨᠢ᠄ ᠤᠷᠢᠬᠠᠨ