ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠭᠠᠵᠠᠷ ᠣᠷᠣᠨ᠎ᠳᠠᠭᠠᠨ ᠲᠣᠬᠢᠷᠠᠬᠤ ᠡᠷᠳᠡᠨᠢ ᠰᠢᠰᠢ ᠵᠢᠨ ᠦᠷ᠎ᠡ ᠵᠢ ᠬᠡᠷᠬᠢᠨ ᠰᠣᠩᠭᠤᠬᠤ ᠪᠤᠢ
ᠨᠡᠶ᠋ᠢᠲᠡᠯᠡᠭᠰᠡᠨ ᠴᠠᠭ᠄ 2024-05-10

 
    
    ᠭᠠᠵᠠᠷ ᠰᠢᠷᠤᠢ ᠵᠢᠨ ᠵᠤᠵᠠᠭ᠋ᠠᠨ ᠨᠢᠮᠭᠡᠨ᠂ ᠬᠦᠴᠦ ᠰᠢᠮ᠎ᠡ ᠵᠢᠨ ᠶᠡᠭᠡ ᠪᠠᠭ᠎ᠠ ᠵᠢ ᠦᠨᠳᠦᠰᠦᠯᠡᠨ᠂ ᠲᠤᠰ ᠭᠠᠵᠠᠷ ᠣᠷᠣᠨ᠎ᠳᠠᠭᠠᠨ ᠲᠣᠬᠢᠷᠠᠭᠰᠠᠨ ᠰᠠᠶ᠋ᠢᠨ ᠡᠭᠦᠯᠳᠡᠷ᠎ᠢ ᠰᠣᠩᠭᠤᠬᠤ ᠬᠡᠷᠡᠭᠲᠡᠢ᠃

    ᠨᠢᠭᠡ᠂ ᠦᠷᠡᠵᠢᠯ᠎ᠤᠨ ᠬᠤᠭᠤᠴᠠᠭ᠎ᠠ ᠵᠢ ᠦᠨᠳᠦᠰᠦᠯᠡᠨ ᠰᠣᠩᠭᠤᠬᠤ ᠬᠡᠷᠡᠭᠲᠡᠢ᠃

    1. ᠡᠷᠲᠡ ᠪᠣᠯᠪᠠᠰᠤᠷᠠᠬᠤ ᠡᠭᠦᠯᠳᠡᠷ᠃ ᠦᠷᠡᠵᠢᠯ᠎ᠤᠨ ᠬᠤᠭᠤᠴᠠᠭ᠎ᠠ᠎ᠨᠢ ᠬᠠᠪᠤᠷ᠎ᠤᠨ ᠲᠠᠷᠢᠶᠠᠯᠠᠭ᠎ᠠ 85-100 ᠡᠳᠦᠷ᠂ ᠵᠤᠨ᠎ᠤ ᠲᠠᠷᠢᠶᠠᠯᠠᠭ᠎ᠠ 70-85 ᠡᠳᠦᠷ᠂ ᠤᠷᠭᠤᠮᠠᠯ᠎ᠤᠨ ᠡᠰᠢ᠎ᠨᠢ ᠪᠣᠭᠤᠨᠢ᠂ ᠨᠠᠪᠴᠢᠨ᠎ᠤ ᠢᠯᠲᠠᠰᠤ᠎ᠨᠢ ᠴᠥᠭᠡᠨ 14-18 ᠬᠡᠰᠡᠭ᠂ ᠮᠥᠬᠦᠯᠢᠭ᠎ᠨᠢ ᠪᠠᠭ᠎ᠠ᠂ ᠮᠢᠩᠭ᠋ᠠᠨ ᠮᠥᠬᠦᠯᠢᠭ ᠪᠦᠷᠢ ᠵᠢᠨ ᠬᠦᠨᠳᠦ᠎ᠨᠢ ᠪᠠᠷᠤᠭ 150-250 ᠭ᠋ᠷᠡᠮ ᠪᠠᠶ᠋ᠢᠳᠠᠭ᠃

    2. ᠳᠤᠮᠳᠠ ᠵᠡᠷᠭᠡ ᠪᠣᠯᠪᠠᠰᠤᠷᠠᠬᠤ ᠡᠭᠦᠯᠳᠡᠷ᠃ ᠦᠷᠡᠵᠢᠯ᠎ᠤᠨ ᠬᠤᠭᠤᠴᠠᠭ᠎ᠠ᠎ᠨᠢ ᠬᠠᠪᠤᠷ᠎ᠤᠨ ᠲᠠᠷᠢᠶᠠᠯᠠᠭ᠎ᠠ 100-120 ᠡᠳᠦᠷ᠂ ᠵᠤᠨ᠎ᠤ ᠲᠠᠷᠢᠶᠠᠯᠠᠭ᠎ᠠ 85-95 ᠡᠳᠦᠷ᠂ ᠨᠠᠪᠴᠢᠨ᠎ᠤ ᠢᠯᠲᠠᠰᠤ ᠵᠢᠨ ᠲᠤᠭ᠎ᠠ᠎ᠨᠢ 16-20 ᠬᠡᠰᠡᠭ᠂ ᠮᠢᠩᠭ᠋ᠠᠨ ᠮᠥᠬᠦᠯᠢᠭ ᠪᠦᠷᠢ ᠵᠢᠨ ᠬᠦᠨᠳᠦ᠎ᠨᠢ ᠪᠠᠷᠤᠭ 250-300 ᠭ᠋ᠷᠡᠮ ᠪᠠᠶ᠋ᠢᠳᠠᠭ᠃

    3. ᠣᠷᠣᠢ ᠪᠣᠯᠪᠠᠰᠤᠷᠠᠬᠤ ᠡᠭᠦᠯᠳᠡᠷ᠃ ᠦᠷᠡᠵᠢᠯ᠎ᠤᠨ ᠬᠤᠭᠤᠴᠠᠭ᠎ᠠ᠎ᠨᠢ ᠬᠠᠪᠤᠷ᠎ᠤᠨ ᠲᠠᠷᠢᠶᠠᠯᠠᠭ᠎ᠠ 120-150 ᠡᠳᠦᠷ᠂ ᠵᠤᠨ᠎ᠤ ᠲᠠᠷᠢᠶᠠᠯᠠᠭ᠎ᠠ 96 ᠡᠳᠦᠷ᠎ᠠᠴᠠ ᠳᠡᠭᠡᠭᠰᠢ ᠪᠠᠶ᠋ᠢᠵᠤ᠂ ᠤᠷᠭᠤᠮᠠᠯ᠎ᠤᠨ ᠡᠰᠢ᠎ᠨᠢ ᠥᠨᠳᠥᠷ ᠶᠡᠭᠡ᠂ ᠨᠠᠪᠴᠢᠨ᠎ᠤ ᠢᠯᠲᠠᠰᠤ᠎ᠨᠢ ᠨᠡᠯᠢᠶᠡᠳ ᠠᠷᠪᠢᠨ 21-25 ᠬᠡᠰᠡᠭ᠂ ᠮᠥᠬᠦᠯᠢᠭ᠎ᠨᠢ ᠶᠡᠭᠡ᠂ ᠮᠢᠩᠭ᠋ᠠᠨ ᠮᠥᠬᠦᠯᠢᠭ ᠪᠦᠷᠢ ᠵᠢᠨ ᠬᠦᠨᠳᠦ᠎ᠨᠢ ᠪᠠᠷᠤᠭ 300 ᠭ᠋ᠷᠡᠮ᠎ᠠᠴᠠ ᠳᠡᠭᠡᠭᠰᠢ ᠪᠠᠶ᠋ᠢᠳᠠᠭ᠃

    ᠬᠤᠶᠠᠷ᠂ ᠤᠷᠭᠤᠮᠠᠯ᠎ᠤᠨ ᠡᠰᠢ ᠵᠢᠨ ᠬᠡᠯᠪᠡᠷᠢ ᠳᠦᠷᠰᠦ᠎ᠪᠠᠷ᠎ᠨᠢ ᠰᠣᠩᠭᠤᠬᠤ ᠬᠡᠷᠡᠭᠲᠡᠢ᠃

    1. ᠠᠪᠴᠠᠯᠳᠤᠩᠭᠤᠢ ᠬᠡᠯᠪᠡᠷᠢ᠃ ᠨᠠᠪᠴᠢ ᠵᠢᠨ ᠡᠰᠢ ᠰᠦᠷᠡᠯ ᠳᠡᠭᠡᠷᠡᠬᠢ ᠣᠷᠣᠨ ᠵᠠᠢ ᠵᠢᠨ ᠲᠠᠷᠬᠠᠯᠲᠠ᠎ᠨᠢ ᠢᠭ ᠬᠡᠯᠪᠡᠷᠢ᠎ᠲᠠᠢ ᠣᠶ᠋ᠢᠷᠠᠯᠴᠠᠭ᠎ᠠ ᠪᠠᠶ᠋ᠢᠵᠤ᠂ ᠨᠠᠪᠴᠢᠨ᠎ᠤ ᠢᠯᠲᠠᠰᠤ᠎ᠨᠢ ᠳᠡᠭᠡᠭᠰᠢ ᠡᠷᠭᠦᠵᠦ᠂ ᠤᠷᠭᠤᠮᠠᠯ᠎ᠤᠨ ᠡᠰᠢ᠎ᠨᠢ ᠬᠤᠷᠠᠨ ᠠᠪᠴᠢᠵᠤ᠂ ᠭᠡᠷᠡᠯ ᠭᠥᠷᠳᠡᠬᠦ ᠪᠠᠶ᠋ᠢᠳᠠᠯ᠎ᠨᠢ ᠰᠠᠶ᠋ᠢᠨ᠂ ᠨᠢᠭᠲᠠ ᠳᠠᠷᠢᠬᠤ᠎ᠳᠤ ᠲᠣᠬᠢᠷᠠᠮᠵᠢᠲᠠᠢ ᠪᠠᠶ᠋ᠢᠳᠠᠭ᠃

    2. ᠳᠡᠯᠭᠡᠮᠡᠯ ᠬᠡᠯᠪᠡᠷᠢ᠃ ᠨᠢᠭᠲᠠ ᠲᠠᠷᠢᠬᠤ᠎ᠳᠤ ᠲᠣᠬᠢᠷᠠᠮᠵᠢ ᠦᠭᠡᠢ᠂ ᠲᠦᠷᠦᠭᠦᠦ ᠵᠢᠨ ᠳᠡᠭᠡᠷ᠎ᠡ ᠡᠰᠢ ᠨᠠᠪᠴᠢ ᠵᠢᠨ ᠬᠠᠪᠴᠢᠭᠰᠠᠨ ᠥᠨᠴᠥᠭ 35°᠎ᠠᠴᠠ ᠳᠡᠭᠡᠭᠰᠢ᠂ ᠲᠦᠷᠦᠭᠦᠦ ᠵᠢᠨ ᠳᠣᠣᠷ᠎ᠠ ᠡᠰᠢ ᠨᠠᠪᠴᠢ ᠵᠢᠨ ᠬᠠᠪᠴᠢᠭᠰᠠᠨ ᠥᠨᠴᠥᠭ 50°᠎ᠠᠴᠠ ᠳᠡᠭᠡᠭᠰᠢ ᠪᠠᠶ᠋ᠢᠳᠠᠭ᠃

    3. ᠬᠠᠭ᠋ᠠᠰ ᠠᠪᠴᠠᠯᠳᠤᠩᠭᠤᠢ ᠬᠡᠯᠪᠡᠷᠢ᠃ ᠳᠡᠭᠡᠷᠡᠬᠢ ᠬᠤᠶᠠᠷ ᠲᠥᠷᠥᠯ᠎ᠤᠨ ᠵᠠᠪᠰᠠᠷ᠎ᠤᠨ ᠬᠡᠯᠪᠡᠷᠢ ᠪᠣᠯᠣᠨ᠎ᠠ᠃
    

ᠢᠷᠡᠯᠲᠡ᠄ ᠠᠯᠠᠱ᠌ᠠ ᠠᠶ᠋ᠢᠮᠠᠭ᠎ᠤᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
 
             蒙ICP备05000248号