ᠪᠠᠰᠠ ᠪᠦᠬᠦᠩ ᠭᠡᠳᠡᠭ᠃ ᠬᠦᠬᠦᠲᠡᠨᠤ ᠠᠩᠭᠢ᠂ ᠦᠬᠡᠷ᠎ᠤᠨ ᠢᠵᠠᠭᠤᠷᠲᠠᠢ᠂ ᠤᠬᠤᠷ ᠡᠪᠡᠷ᠎ᠨᠢ ᠲᠤᠭᠤᠢ᠌ᠯᠠᠪᠤᠷ ᠡᠷᠭᠢᠬᠦᠯᠭᠡᠲᠠᠢ᠃ ᠬᠦᠵᠦᠬᠦᠦ᠎ᠨᠢ ᠨᠠᠷᠢᠨ ᠤᠷᠲᠤ᠃ ᠰᠡᠭᠦᠯ᠎ᠨᠢ ᠤᠬᠤᠷ᠂ ᠮᠦᠴᠢ᠎ᠨᠢ ᠨᠠᠷᠢᠬᠠᠨ᠃ ᠪᠡᠶ᠎ᠡ ᠵᠢᠨ ᠦᠰᠦ᠎ᠨᠢ ᠪᠤᠭᠤᠷᠤᠯ ᠰᠢᠷ᠎ᠠ ᠦᠩᠭᠡ᠎ᠪᠠᠷ ᠭᠤᠤᠯᠯᠠᠵᠤ᠂ ᠭᠡᠳᠡᠰᠦᠨ ᠬᠡᠰᠡᠭ᠎ᠨᠢ ᠴᠠᠭ᠋ᠠᠨ᠂ ᠲᠤᠪᠤᠴᠠᠭ ᠭᠠᠵᠠᠷ᠂ ᠲᠠᠯ᠎ᠠ ᠭᠠᠵᠠᠷ ᠬᠢᠭᠡᠳ ᠬᠠᠭ᠋ᠠᠰ ᠡᠯᠡᠰᠦᠵᠢᠭᠰᠡᠨ ᠭᠠᠵᠠᠷ ᠵᠶ᠋ᠠᠷ ᠤᠷᠤᠩᠨᠠᠳᠠᠭ᠃ ᠠᠷᠤ ᠬᠤᠷᠴᠢᠨ ᠬᠤᠰᠢᠭᠤ ᠪᠤᠯ ᠵᠡᠭᠡᠷ᠎ᠡ ᠵᠢᠨ ᠡᠬᠡ ᠨᠤᠲᠤᠭ ᠪᠤᠯᠤᠨ᠎ᠠ ᠭᠡᠵᠦ ᠬᠡᠯᠡᠳᠡᠭ᠃ 20 ᠳ᠋ᠤᠭ᠋ᠠᠷ ᠵᠠᠭᠤᠨ᠎ᠤ ᠲᠠᠪᠢᠭ᠋ᠠᠳ ᠤᠨ᠎ᠤ ᠦᠶ᠎ᠡ᠎ᠪᠠᠷ ᠰᠦᠷᠦᠭ ᠰᠦᠷᠦᠭ ᠤᠯᠵᠤ ᠬᠠᠷᠠᠭᠳᠠᠳᠠᠭ᠃ ᠭᠡᠬᠦ᠎ᠳᠤ ᠵᠢᠷᠠᠭ᠋ᠠᠳ ᠤᠨ᠎ᠤ ᠰᠡᠭᠦᠯᠴᠢ᠎ᠪᠠᠷ ᠲᠦᠯᠦᠪᠯᠡᠭᠡ ᠦᠭᠡᠢ᠂ ᠤᠯᠠᠷᠢᠯ ᠢᠯᠭ᠋ᠠᠬᠤ ᠦᠭᠡᠢ ᠠᠩᠨᠠᠵᠤ᠂ ᠤᠢ ᠮᠤᠳᠤ ᠵᠢ ᠳᠤᠷ᠎ᠠ᠎ᠪᠠᠷ ᠤᠭᠲᠤᠯᠠᠵᠤ᠂ ᠤᠯᠠᠨ ᠤᠳᠠᠭ᠋ᠠᠨ᠎ᠤ ᠲᠦᠢ᠍ᠮᠡᠷ ᠪᠤᠯᠤᠭᠰᠠᠨ ᠵᠡᠷᠭᠡ ᠰᠢᠯᠲᠠᠭ᠋ᠠᠨ᠎ᠠᠴᠠ 80 ᠤᠨ᠎ᠳᠤ ᠤᠷᠣ ᠮᠦᠷ᠎ᠨᠢ ᠬᠠᠷᠠᠭᠲᠠᠬᠤ᠎ᠪᠠᠨ ᠪᠤᠯᠢᠵᠠᠢ᠃ ᠵᠦᠪᠬᠡᠨ ᠬᠤᠢ᠌ᠲᠤ ᠬᠡᠰᠡᠭ᠎ᠤᠨ ᠤᠢ᠌ᠲᠤ ᠤᠷᠤᠨ᠎ᠳᠤ ᠯᠡ ᠬᠠᠷᠠᠭᠳᠠᠳᠠᠭ᠃
《ᠠᠷᠤ ᠬᠤᠷᠴᠢᠨ ᠬᠤᠰᠢᠭᠤᠨ᠎ᠤ ᠤᠢ᠌ᠯᠠᠯᠭ᠎ᠠ》 ᠭᠡᠬᠦ ᠨᠤᠮ᠎ᠠᠴᠠ ᠪᠠᠭᠤᠯᠭ᠋ᠠᠪᠠ᠃