ᠲᠡᠮᠡᠭᠡᠨ᠎ᠤ ᠡᠭᠦᠰᠦᠯ ᠭᠠᠷᠤᠯ
ᠲᠡᠮᠡᠭᠡ ᠪᠣᠯ ᠰᠡᠭᠡᠷᠳᠡᠨᠤ ᠠᠶ᠋ᠢᠮᠠᠭ᠎ᠤᠨ ᠬᠦᠬᠦᠳᠡᠨᠤ ᠠᠩᠬᠢ᠎ᠳᠠᠬᠢ ᠠᠴᠠ ᠲᠤᠭᠤᠷᠠᠶ᠋ᠢᠳᠠᠨᠤ ᠪᠠᠭ᠎ᠤᠨ ᠲᠠᠪᠠᠭᠳᠠᠨᠤ ᠳᠡᠳ᠋ ᠪᠠᠭ᠎ᠤᠨ ᠲᠡᠮᠡᠭᠡᠨ᠎ᠤ ᠢᠵᠠᠭᠤᠷ᠎ᠲᠤ ᠪᠠᠭᠳᠠᠳᠠᠭ᠃ ᠡᠷᠳᠡᠨ᠎ᠤ ᠠᠮᠢᠳᠤ ᠪᠣᠳᠠᠰ᠎ᠤᠨ ᠰᠣᠳᠤᠯᠳᠯ ᠬᠢᠭᠡᠳ ᠭᠠᠵᠠᠷ ᠰᠢᠨᠵᠢᠯᠡᠭᠡᠨ᠎ᠤ ᠴᠢᠯᠠᠭᠤᠵᠢᠮᠠᠯ᠎ᠤᠨ ᠰᠣᠳᠤᠯᠤᠯᠢ ᠦᠨᠳᠦᠰᠦᠯᠡᠭᠡᠳ ᠲᠡᠮᠡᠭᠡ ᠪᠣᠯ ᠣᠮᠠᠷᠠᠳᠤ ᠠᠮᠧᠷᠢᠺᠠ ᠲᠢᠪ᠎ᠤᠨ ᠠᠩᠬᠠᠨ᠎ᠤ ᠵᠦᠭᠡᠯᠡᠨ ᠲᠠᠪᠠᠭᠳᠠᠨ᠎ᠠᠴᠠ ᠤᠯᠠᠷᠢᠨ ᠬᠤᠪᠢᠰᠴᠦ ᠢᠷᠡᠯ᠎ᠡ ᠭᠡᠵᠦ ᠡᠷᠳᠡᠮᠳᠡᠳ ᠦᠵᠡᠵᠦ ᠪᠣᠢ᠃
ᠠᠯᠢ ᠡᠷᠳᠡ ᠰᠢᠨ᠎ᠡ ᠠᠮᠢᠳᠤ ᠡᠷᠡᠨ᠎ᠤ ᠰᠡᠭᠦᠯᠴᠢ ᠵᠢᠨ ᠦᠶ᠎ᠡ (3500 ~5000 ᠲᠦᠮᠡᠨ ᠵᠢᠯ᠎ᠤᠨ ᠡᠮᠦᠨ᠎ᠡ)᠎ᠪᠠᠷ ᠣᠮᠠᠷᠠᠳᠤ ᠠᠮᠧᠷᠢᠺᠠ ᠲᠢᠪ᠎ᠲᠤ ᠲᠠᠤᠯᠠᠢ ᠵᠢᠨ ᠴᠢᠨᠡᠭᠡᠨ ᠪᠡᠶ᠎ᠡ᠎ᠲᠠᠢ᠂ ᠳᠦᠴᠢᠨ ᠳᠦᠷᠪᠡᠨ ᠰᠢᠳᠤ᠎ᠲᠠᠢ᠂ ᠬᠤᠶ᠋ᠢᠳᠤ ᠮᠦᠴᠢ᠎ᠨᠢ ᠨᠡᠯᠢᠶᠡᠳ ᠤᠷᠳᠤ᠂ ᠡᠮᠦᠨ᠎ᠡ ᠮᠦᠴᠢ᠎ᠨᠢ ᠤᠬᠤᠷ ᠪᠦᠭᠡᠳ ᠳᠦᠷᠪᠡᠨ ᠬᠤᠷᠤᠭᠤ᠎ᠲᠠᠢ ᠪᠣᠯᠪᠠᠴᠦ ᠬᠠᠵᠠᠭᠤ ᠲᠠᠯ᠎ᠠ ᠵᠢᠨ ᠬᠤᠶᠠᠷ ᠬᠤᠷᠤᠭᠤ᠎ᠨᠢ ᠡᠯᠡᠭᠳᠡᠵᠦ ᠪᠠᠭ᠋ᠠᠰᠤᠭᠰᠠᠨ᠂ ᠪᠡᠶ᠎ᠡ ᠵᠢᠨ ᠬᠡᠯᠪᠡᠷᠢ᠎ᠨᠢ ᠪᠠᠯᠠᠷ ᠡᠷᠳᠡᠨ᠎ᠤ ᠠᠳᠤᠭᠤᠰᠤᠨᠤ ᠲᠦᠷᠦᠯ᠎ᠲᠠᠢ ᠲᠦᠰᠦᠭᠡᠳᠠᠢ ᠨᠢᠭᠡ ᠵᠦᠢ᠍ᠯ᠎ᠤᠨ ᠠᠩᠬᠠᠨ᠎ᠤ ᠵᠦᠭᠡᠯᠡᠨ ᠲᠠᠪᠠᠭᠳᠤ ᠠᠮᠢᠳᠠᠨ ᠠᠮᠢᠳᠤᠷᠠᠵᠦ ᠪᠠᠶ᠋ᠢᠵᠠᠢ᠃ ᠡᠨᠡ ᠠᠮᠢᠳᠠᠨ᠎ᠨᠢ ᠤᠳᠤ᠎ᠠᠴᠠ 3000 ᠲᠦᠮᠡᠨ ᠵᠢᠯᠤ ᠡᠮᠦᠨᠡᠬᠢ ᠰᠢᠨ᠎ᠡ ᠠᠮᠢᠳᠤ ᠡᠷᠡᠨ᠎ᠤ ᠦᠶ᠎ᠡ᠎ᠳᠤ ᠠᠮᠢᠳᠤᠷᠠᠵᠦ ᠪᠠᠶ᠋ᠢᠭᠰᠠᠨ ᠲᠠᠪᠠᠭᠳᠤ ᠠᠮᠢᠳᠠᠨ᠎ᠠᠴᠠ ᠤᠯᠠᠷᠢᠨ ᠬᠤᠪᠢᠰᠴᠦ ᠢᠷᠡᠭᠰᠡᠨ ᠪᠠᠶ᠋ᠢᠵᠠᠢ᠃ ᠤᠮᠠᠷᠠᠳᠤ ᠠᠮᠧᠷᠢᠺᠠ ᠲᠢᠪ᠎ᠤᠨ ᠭᠠᠵᠠᠷ᠎ᠤᠨ ᠪᠠᠶ᠋ᠢᠴᠠ ᠳᠠᠯᠠᠢ ᠵᠢᠨ ᠲᠦᠪᠰᠢᠨ᠎ᠠᠴᠠ ᠡᠷᠭᠦᠭᠳᠡᠬᠦ ᠵᠢ ᠳᠠᠭ᠋ᠠᠯᠳᠤᠨ ᠪᠤᠳᠠᠯᠢᠭ ᠣᠢᠨᠢ ᠰᠢᠩᠭᠡᠷᠡᠨ ᠴᠦᠬᠡᠷᠡᠵᠦ᠂ ᠡᠪᠡᠰᠦᠨ᠎ᠤ ᠴᠢᠨᠠᠷ᠎ᠨᠢ ᠮᠣᠳᠤᠯᠢᠭᠵᠢᠭᠰᠠᠨᠠᠴᠠ 《ᠠᠩᠬᠠᠨ᠎ᠤ ᠵᠦᠭᠡᠯᠡᠨ ᠲᠠᠪᠠᠭᠳᠤ ᠠᠮᠢᠳᠠᠨ》᠎ᠤ ᠡᠮᠦᠨ᠎ᠡ ᠬᠦᠯᠤᠨ ᠬᠠᠵᠠᠭᠤ ᠲᠠᠯ᠎ᠠ ᠵᠢᠨ ᠬᠤᠶᠠᠷ ᠬᠤᠷᠤᠭᠤ ᠨᠢ ᠪᠦᠷᠢᠮᠰᠦᠨ ᠡᠯᠡᠭᠳᠡᠨ ᠤᠨᠠᠵᠦ᠂ ᠠᠭ᠋ᠠᠵᠢᠮ ᠵᠶ᠋ᠠᠷ ᠬᠤᠨᠢ᠎ᠲᠠᠢ ᠲᠦᠰᠦᠭᠡᠳᠠᠢ ᠪᠦᠭᠡᠳ ᠬᠤᠨᠢᠨ᠎ᠠᠴᠠ ᠲᠤᠮᠤᠬᠠᠨ ᠪᠡᠶ᠎ᠡ᠎ᠲᠠᠢ᠂ ᠳᠦᠴᠢᠨ ᠳᠦᠷᠪᠡᠨ ᠰᠢᠳᠤ ᠲᠠᠢ 《ᠬᠤᠶᠠᠷ ᠬᠤᠷᠤᠭᠤᠳᠤ ᠠᠩᠬᠠᠨ᠎ᠤ ᠲᠡᠮᠡᠭᠡ》 ᠪᠤᠯᠤᠨ ᠬᠤᠪᠢᠷᠠᠵᠠᠢ᠃ ᠲᠡᠮᠡᠭᠡ᠎ᠨᠢ ᠡᠨᠡ ᠮᠡᠳᠦ᠎ᠪᠠᠷ ᠭᠠᠯᠪᠠ ᠶᠢᠷᠳᠢᠨᠴᠦ ᠵᠢᠨ ᠬᠤᠪᠢᠷᠠᠯᠳᠠ ᠪᠠ ᠪᠠᠶ᠋ᠢᠭ᠋ᠠᠯᠢ ᠵᠢᠨ ᠣᠷᠴᠢᠨ ᠲᠤᠭᠤᠷᠢᠨ᠎ᠤ ᠦᠭᠡᠷᠡᠴᠢᠯᠡᠭᠳᠡᠬᠦ ᠵᠢ ᠳᠠᠭ᠋ᠠᠯᠳᠤᠨ ᠤᠯᠠᠷᠢᠨ ᠬᠤᠪᠢᠷᠠᠵᠦ᠂ ᠳᠤᠮᠳᠠ ᠰᠢᠨ᠎ᠡ ᠦᠶ᠎ᠡ ᠵᠢᠨ ᠰᠡᠭᠦᠯᠴᠢ ᠵᠢᠨ ᠦᠶ᠎ᠡ ᠪᠣᠯᠬᠤ᠎ᠳᠤ ᠨᠢᠭᠡ ᠪᠦᠯᠦᠭ 《ᠬᠤᠶᠠᠷ ᠬᠤᠷᠤᠭᠤᠳᠤ ᠠᠩᠬᠠᠨ᠎ᠤ ᠲᠡᠮᠡᠭᠡ》 ᠵᠢᠨ ᠪᠡᠶ᠎ᠡ ᠪᠢᠯᠳᠠᠷ᠎ᠨᠢ ᠬᠦᠳᠡᠷᠯᠢᠭᠵᠢᠵᠦ ᠤᠳᠤ ᠵᠢᠨ ᠲᠡᠮᠡᠭᠡ᠎ᠲᠠᠢ ᠨᠡᠯᠢᠶᠡᠳ ᠲᠦᠰᠦᠭᠡᠳᠠᠢ ᠪᠣᠯᠵᠠᠢ᠃ ᠡᠳᠡᠭᠡᠷ ᠲᠡᠮᠡᠭᠡ᠎ᠨᠢ ᠠᠮᠧᠷᠢᠺᠠ ᠲᠢᠪ ᠪᠠ ᠠᠽᠢᠶ᠎ᠠ ᠲᠢᠪ᠎ᠢ ᠬᠤᠯᠪᠤᠭᠰᠠᠨ ᠪᠧᠷᠢᠩ ᠬᠤᠭᠤᠯᠠᠢ᠎ᠪᠠᠷ ᠳᠠᠮᠵᠢᠨ ᠠᠽᠢᠶ᠎ᠠ ᠲᠢᠪ᠎ᠲᠤ ᠣᠷᠤᠵᠦ ᠵᠠᠷᠢᠮ᠎ᠨᠢ ᠴᠢᠨᠠᠭᠰᠢᠳᠠ ᠠᠹᠷᠢᠺᠠ ᠲᠢᠪ᠎ᠤᠨ ᠡᠬᠡ ᠭᠠᠵᠠᠷ ᠵᠶ᠋ᠠᠷ ᠲᠠᠷᠬᠠᠵᠠᠢ᠃ ᠠᠽᠢᠶ᠎ᠠ ᠲᠢᠪ᠎ᠲᠤ ᠨᠤᠳᠤᠭᠰᠢᠭᠰᠠᠨ᠎ᠨᠢ ᠦᠨᠦᠳᠦᠷ᠎ᠤᠨ 《ᠬᠤᠤᠰ ᠪᠦᠬᠦᠳᠦ ᠲᠡᠮᠡᠭᠡ》 ᠪᠣᠯᠵᠦ᠂ ᠠᠹᠷᠢᠺᠠ ᠲᠢᠪ ᠪᠠ ᠳᠤᠮᠳᠠᠳᠤ ᠳᠣᠷᠤᠨᠠᠳᠤ ᠣᠷᠤᠨ ᠵᠶ᠋ᠠᠷ ᠨᠤᠳᠤᠭᠰᠢᠭᠰᠠᠨ᠎ᠨᠢ ᠦᠨᠦᠳᠦᠷ᠎ᠤᠨ 《ᠭᠠᠭᠴᠠ ᠪᠦᠬᠦᠳᠦ ᠲᠡᠮᠡᠭᠡ》 ᠪᠤᠯᠤᠨ ᠬᠤᠪᠢᠷᠠᠭ᠋ᠠᠳ ᠡᠮᠦᠨᠡᠳᠦ ᠠᠮᠷᠷᠢᠺᠠ ᠲᠢᠪ᠎ᠲᠤ ᠨᠤᠳᠤᠭᠰᠢᠭᠰᠠᠨ᠎ᠨᠢ ᠠᠭ᠋ᠠᠵᠢᠮ ᠵᠶ᠋ᠠᠷ 《ᠠᠩᠬᠠᠨ ᠴᠠᠭ᠎ᠤᠨ ᠲᠡᠮᠡᠭᠡ》᠂ 《ᠮᠣᠷᠢᠨ ᠲᠡᠮᠡᠭᠡ》᠂ 《ᠠᠮᠧᠷᠢᠺᠠ ᠲᠡᠮᠡᠭᠡ》 ᠵᠢᠴᠢ 《ᠬᠤᠨᠢᠨ ᠲᠡᠮᠡᠭᠡ》᠂ ᠮᠡᠳᠦ ᠵᠢᠨ ᠪᠦᠬᠦ ᠦᠭᠡᠢ ᠲᠡᠮᠡᠭᠡ ᠪᠣᠯᠵᠠᠢ᠃
![]()