ᠴᠠᠭ᠋ᠠᠨ ᠭᠤᠶᠤᠤ᠎ᠨᠢ ᠠ᠋ᠯᠡᠰᠦᠨ᠎ᠳᠤ ᠣᠷᠭᠣᠳᠠᠭ ᠵᠠᠭᠤᠨ ᠦᠨᠳᠦᠰᠣ᠎ᠠᠴᠠ ᠰᠢᠮ᠎ᠡ ᠠᠪᠴᠣ ᠪᠣᠢ᠌ᠵᠢᠳᠠᠭ ᠣᠯᠠᠨ ᠨᠠᠰᠣᠳᠣ ᠣᠷᠭᠣᠮᠠᠯ᠎ᠤᠨ ᠲᠦᠷᠦᠯ ᠶᠣᠮ᠃ ᠪᠠᠳᠠᠢ ᠵᠢᠨ ᠵᠢᠷᠠᠨ᠎ᠤ ᠴᠠᠭ᠋ᠠᠨ ᠭᠤᠶᠤᠤ᠎ᠨᠢ ᠠ᠋ᠯᠡᠰᠦᠨ᠎ᠤ ᠬᠦᠪᠡᠭᠡ ᠳᠠᠭ᠋ᠠᠤ ᠣᠷᠣᠨ ᠵᠶ᠋ᠠᠷ ᠣᠷᠭᠣᠳᠠᠭ᠃ ᠠ᠋ᠬᠦᠨ᠎ᠳᠤ ᠠᠯᠠᠱ᠌ᠠ ᠪᠠᠷᠠᠭᠤᠨ ᠬᠣᠰᠢᠭᠣᠨ᠎ᠤ ᠲᠠᠨᠭ᠌ᠰᠣᠭ᠂ ᠰᠢᠭᠣᠢ᠂ ᠨᠦᠤᠷᠭᠡᠢ᠂ ᠡᠵᠡᠨ᠎ᠡ ᠬᠣᠰᠢᠭᠣᠨ᠎ᠤ ᠭᠤᠷᠤᠨᠠᠢ᠂ ᠦᠨᠭᠳᠣᠭᠣᠯ᠂ ᠭᠤᠢ᠌ᠽᠠ ᠪᠣᠯᠣᠨ ᠠᠯᠠᠱ᠌ᠠ ᠵᠡᠬᠦᠨ ᠬᠣᠰᠢᠭᠣᠨ᠎ᠤ ᠦᠯᠵᠡᠢ ᠵᠡᠷᠭᠡ ᠭᠠᠵᠠᠷ᠎ᠲᠤ ᠭᠤᠤᠯᠳᠠᠭᠤ ᠣᠷᠭᠣᠳᠠᠭ᠃ ᠵᠢᠯ᠎ᠤᠨ ᠭᠠᠷᠣᠯᠳᠠ ᠵᠢᠨ ᠬᠡᠮᠵᠢᠶ᠎ᠠ᠎ᠨᠢ 1970 ᠣᠨ᠎ᠤ ᠳᠣᠮᠳᠠ ᠦᠶ᠎ᠡ᠎ᠪᠠᠷ 3000 ᠭᠠᠷᠣᠢ ᠲᠤᠨ᠎ᠳᠤ ᠬᠦᠷᠴᠣ ᠪᠠᠢ᠌ᠭᠰᠠᠨ ᠭᠡᠳᠡᠭ᠃
ᠠ᠋ᠨᠳᠡ᠎ᠬᠢ ᠵᠢᠨ ᠴᠠᠭ᠋ᠠᠨ ᠭᠤᠶᠤᠤ᠎ᠨᠢ ᠮᠢᠬᠠᠯᠢᠭ ᠮᠦᠷᠳᠡᠭᠡᠨ ᠰᠢᠮ᠎ᠡ ᠲᠡᠵᠢᠬᠡᠯ᠎ᠤᠨ ᠡᠯ᠎ᠡ ᠠ᠋ᠯᠸᠮᠸᠨ᠋ᠲ᠎ᠤᠨ ᠠᠭᠤᠯᠤᠭᠳᠠᠴᠠ ᠰᠠᠢ᠌ᠨ ᠪᠠᠢ᠌ᠳᠠᠭ ᠪᠣᠯᠬᠣᠷ ᠪᠣᠰᠣᠳ ᠭᠠᠵᠠᠷ ᠣᠷᠣᠨ᠎ᠤ ᠮᠣᠳᠣᠯᠢᠭ ᠪᠣᠶᠣ ᠡᠪᠡᠰᠦᠯᠢᠭ ᠴᠠᠭ᠋ᠠᠨ ᠭᠣᠶᠣᠣ᠎ᠠᠴᠠ ᠢᠯᠡᠬᠦᠤ ᠰᠠᠢ᠌ᠨ᠃ ᠬᠦᠷᠡᠨᠭ ᠦᠨᠭᠭᠡᠳᠡᠢ᠂ ᠪᠡᠶ᠎ᠡ᠎ᠨᠢ ᠪᠦᠭᠡᠷᠡᠨᠭᠬᠡᠢ ᠪᠣᠶᠣ ᠬᠠᠪᠳᠠᠭ᠋ᠠᠢ᠂ ᠣᠯᠠᠨᠭ᠌ᠬᠢᠨᠢ ᠭᠠᠵᠠᠷ᠎ᠤᠨ ᠬᠦᠷᠦᠰᠦᠨ ᠳᠣᠣᠷ᠎ᠠ 50 ᠰᠡᠨᠲ᠋ᠢᠮᠸᠲᠷ᠎ᠠᠴᠠ 1 ᠮᠸᠲᠷ ᠬᠦᠷᠬᠦ ᠦᠬᠡᠢ ᠭᠠᠵᠠᠷ᠎ᠲᠤ ᠣᠷᠭᠣᠵᠣ᠂ ᠳ᠋ᠢᠶᠠᠮᠸᠲᠷᠨᠢ ᠪᠠᠷᠣᠭ 4 — 6 ᠰᠡᠨᠲ᠋ᠢᠮᠸᠲᠷ ᠪᠠᠢ᠌ᠵᠣ᠂ ᠣᠨᠴᠠᠭ᠋ᠠᠢ ᠵᠠᠷᠢᠮ᠎ᠨᠢ 1 — 6 ᠰᠡᠨᠲ᠋ᠢᠮᠸᠲᠷ᠎ᠲᠤ ᠭᠦᠷᠴᠣ᠂ ᠨᠣᠳᠣᠭ᠎ᠤᠨ ᠬᠦᠮᠦᠰ 《ᠴᠢᠷᠭ᠎ᠠ》 ᠭᠡᠵᠤ ᠬᠡᠯᠡᠳᠡᠭ᠃ ᠶᠡᠷᠣ ᠵᠢᠨ ᠣᠬᠣᠷᠬᠠᠨ ᠴᠠᠭ᠋ᠠᠨ ᠭᠤᠶᠤᠤ᠎ᠨᠢ 1 — 2 ᠵᠢᠯ᠎ᠤᠨ ᠬᠣᠭᠣᠷᠣᠨᠳᠣ ᠭᠠᠵᠠᠷ᠎ᠤᠨ ᠬᠦᠷᠦᠰᠦᠨ ᠳᠡᠭᠡᠷ᠎ᠡ ᠳᠣᠯᠣᠭ᠋ᠠᠢ᠌ᠯᠠᠨ ᠭᠠᠷᠴᠣ᠂ 1 — 3 ᠮᠸᠲᠷ ᠣᠷᠴᠢᠮ᠎ᠤᠨ ᠣᠷᠳᠣ ᠴᠠᠭ᠋ᠠᠨ ᠭᠤᠶᠤᠤ᠎ᠨᠢ 5 — 20 ᠵᠢᠯ᠎ᠤᠨ ᠬᠤᠭᠤᠷᠣᠳᠣ ᠰᠠᠶᠢ ᠳᠣᠯᠣᠭ᠋ᠠᠢᠨᠢ ᠭᠠᠵᠠᠷ᠎ᠤᠨ ᠬᠦᠷᠦᠰᠦᠨ ᠳᠡᠭᠡᠷ᠎ᠡ ᠭᠠᠷᠴᠣ ᠢᠷᠡᠳᠡᠭ᠃ ᠨᠢᠬᠡ ᠨᠦᠬᠡᠨ᠎ᠳᠤ ᠬᠤᠶᠠᠷ᠎ᠠᠴᠠ ᠳᠦᠷᠪᠡᠨ ᠳᠣᠯᠣᠭ᠋ᠠᠢ ᠴᠣᠬᠣᠢ᠌ᠵᠣ᠂ ᠣᠨᠴᠠᠭ᠋ᠠᠢ ᠵᠠᠷᠢᠮ᠎ᠨᠢ ᠣᠯᠠᠨ ᠣᠷᠭᠣᠵᠣ᠂ 15 ᠵᠢᠨᠭ᠎ᠠᠴᠠ 100 ᠭᠠᠷᠣᠢ ᠵᠢᠨᠭ ᠭᠠᠷᠳᠠᠭ᠃ ᠴᠠᠭ᠋ᠠᠨ ᠭᠤᠶᠤᠤ ᠬᠠᠪᠣᠷ ᠳᠣᠯᠣᠭ᠋ᠠᠢ᠌ᠯᠠᠵᠤ ᠵᠣᠨ ᠪᠣᠯᠪᠠᠯ ᠴᠡᠨᠭᠭᠡᠷ ᠰᠢᠷ᠎ᠠ ᠴᠡᠴᠡᠭ ᠳᠡᠯᠭᠡᠷᠡᠵᠤ᠂ ᠦᠵᠦᠬᠦᠷ᠎ᠨᠢ ᠲᠤᠬᠤᠢ ᠬᠢᠷᠢᠲᠡᠢ ᠣᠷᠳᠣ ᠣᠷᠭᠣᠳᠠᠭ᠃ ᠴᠡᠴᠡᠭ᠎ᠤᠨ ᠳᠣᠳᠣᠷ᠎ᠠ᠎ᠨᠢ ᠮᠠᠰᠢ ᠣᠯᠠᠨ ᠵᠢᠵᠢᠭ ᠬᠠᠷ᠎ᠠ ᠦᠷ᠎ᠡ ᠰᠠᠭᠤᠳᠠᠭ᠃ ᠠ᠋ᠨᠡ ᠦᠷ᠎ᠡ᠎ᠨᠢ ᠮᠠᠰᠢ ᠣᠷᠳᠣ ᠬᠤᠭᠤᠴᠠᠭ᠎ᠠ ᠵᠢ ᠦᠨᠭᠭᠡᠷᠡᠭᠦᠯᠵᠣ᠂ ᠬᠦᠷᠦᠰᠦᠨ᠎ᠤ ᠬᠦᠨᠳᠤ ᠪᠠᠢ᠌ᠭ᠎ᠠ ᠵᠠᠭᠤᠨ ᠦᠨᠳᠦᠰᠤ᠎ᠲᠠᠢ ᠨᠡᠢ᠌ᠯᠡᠵᠤ ᠰᠠᠶᠢ ᠴᠠᠭ᠋ᠠᠨ ᠭᠤᠶᠤᠤ ᠪᠣᠯᠵᠣ ᠣᠷᠭᠣᠳᠠᠭ᠃
ᠴᠠᠭ᠋ᠠᠨ ᠭᠤᠶᠤᠤ᠎ᠨᠢ ᠭᠠᠨᠭ᠌ ᠬᠠᠭᠤᠷᠠᠢ ᠠ᠋ᠯᠡᠰᠦᠷᠬᠡᠭ ᠭᠠᠵᠠᠷ ᠣᠷᠣᠨ᠎ᠳᠤ ᠲᠡᠭ᠎ᠠᠴᠠ ᠳᠡᠭᠡᠭᠰᠢ ᠲᠠᠪᠢᠨ ᠽᠸᠯᠰ ᠭ᠋ᠷᠠᠳᠦ᠋ᠰ᠎ᠤᠨ ᠬᠠᠯᠠᠭᠤᠨ ᠪᠣᠯᠣᠨ ᠲᠡᠭ᠎ᠠᠴᠠ ᠳᠣᠷᠣᠭᠰᠢ 20 ᠽᠸᠯᠰ ᠭ᠋ᠷᠠᠳᠦ᠋ᠰ᠎ᠤᠨ ᠬᠦᠢ᠍ᠳᠡᠨ᠎ᠳᠤ ᠲᠡᠰᠪᠤᠷᠢᠲᠠᠢ ᠣᠷᠭᠣᠳᠠᠭ᠎ᠨᠢ ᠲᠡᠭᠦᠨ᠎ᠤ ᠪᠦᠯᠢᠶᠠᠨ ᠴᠢᠨᠠᠷ᠎ᠠᠴᠠ ᠪᠣᠯᠣᠭᠰᠠᠨ ᠪᠠᠰᠠ ᠨᠢᠬᠡᠨ ᠭᠠᠢ᠌ᠬᠠᠮᠰᠢᠭᠳᠣ ᠣᠨᠴᠠᠯᠢᠭ ᠪᠣᠯᠬᠣ ᠶᠣᠮ᠃ ᠬᠦᠮᠦᠨ ᠡᠮ ᠠ᠋ᠮᠨᠡᠯᠬᠡᠳᠤ ᠴᠠᠭ᠋ᠠᠨ ᠭᠤᠶᠤᠤ ᠵᠢ ᠬᠡᠷᠡᠭᠯᠡᠭᠡᠳ ᠨᠢᠬᠡᠨᠳᠡ ᠦᠨᠢ ᠣᠳᠠᠭ᠋ᠠᠨ ᠲᠡᠣᠬᠡ᠎ᠲᠠᠢ ᠪᠣᠯᠵᠡᠢ᠃ ᠮᠢᠨᠭ ᠣᠯᠣᠰ᠎ᠤᠨ ᠦᠶ᠎ᠡ ᠵᠢᠨ ᠡᠮ ᠠ᠋ᠮᠨᠡᠯᠬᠡ ᠵᠢᠨ ᠣᠬᠠᠭ᠋ᠠᠨᠳᠠᠨ ᠯᠢ ᠱ᠌ᠢ ᠵᠸᠨᠤ 《ᠡᠪᠡᠰᠦᠨ ᠡᠮ᠎ᠤᠨ ᠲᠤᠪᠴᠢ》 ᠬᠡᠳᠡᠭ ᠨᠣᠮ᠎ᠳᠤ ᠲᠡᠣᠬᠡᠨ᠎ᠳᠠᠬᠢ ᠡᠮ ᠠ᠋ᠮᠨᠡᠯᠬᠡ ᠵᠢᠨ ᠠᠯᠳᠠᠷᠳᠣ ᠬᠦᠮᠦᠰ᠎ᠤᠨ ᠴᠠᠭ᠋ᠠᠨ ᠭᠤᠶᠤᠤ ᠵᠢᠨ ᠡᠮ ᠠ᠋ᠮᠨᠡᠯᠬᠡ ᠵᠢᠨ ᠲᠤᠬᠠᠢ ᠦᠬᠦᠯᠡᠯᠢ ᠨᠠᠷᠢᠨ ᠨᠢᠭᠳᠠ ᠲᠡᠮᠳᠡᠭᠯᠡᠨ᠂ ᠲᠡᠭᠦᠨ᠎ᠤ ᠠ᠋ᠮᠳᠣ ᠬᠦᠴᠦᠨ ᠴᠢᠳᠠᠯ᠂ ᠰᠢᠨᠵᠢ ᠴᠢᠨᠠᠷ᠎ᠢ ᠳᠣᠳᠣᠷᠬᠠᠢ᠌ᠯᠠᠭᠰᠠᠨ ᠪᠠᠢ᠌ᠨ᠎ᠠ᠃ ᠴᠠᠭ᠋ᠠᠨ ᠭᠤᠶᠤᠤ ᠵᠢᠨ ᠦᠢ᠍ᠡᠯᠳᠦᠯᠨᠢ ᠲᠠᠪᠤᠨ ᠴᠣᠯᠣ᠂ ᠵᠢᠷᠭᠤᠭ᠋ᠠᠨ ᠰᠠᠪᠠ ᠪᠠ ᠬᠡᠪᠡᠯᠢ ᠵᠢᠨ ᠰᠡᠷᠢᠭᠦᠨ ᠡᠪᠡᠳᠴᠢᠨ᠎ᠢ ᠵᠠᠰᠠᠬᠤ᠂ ᠪᠡᠶ᠎ᠡ ᠲᠠᠮᠢᠷᠵᠢᠭᠣᠯᠬᠣ᠂ ᠦᠶ᠎ᠡ ᠬᠡᠰᠢᠭᠦᠤ ᠵᠢᠨ ᠡᠪᠡᠳᠴᠢᠨ᠂ ᠠ᠋ᠮᠡᠭᠳᠡᠢ ᠵᠢᠨ ᠴᠢᠰᠦᠨ᠎ᠤ ᠰᠣᠳᠠᠯ᠎ᠤᠨ ᠡᠪᠡᠳᠴᠢᠨ ᠵᠡᠷᠭᠡ᠎ᠳᠤ ᠮᠠᠰᠢ ᠶᠡᠬᠡ ᠲᠤᠰᠠᠲᠠᠢ᠃ ᠣᠳᠣ ᠦᠶ᠎ᠡ ᠵᠢᠨ ᠡᠮ ᠠ᠋ᠮᠨᠡᠯᠭᠡ ᠵᠢᠨ ᠰᠣᠳᠣᠯᠭ᠋ᠠᠨ᠎ᠤ ᠦᠷ᠎ᠡ ᠳ᠋ᠦᠨᠭ ᠠᠴᠠ ᠦᠵᠡᠪᠡᠯ ᠴᠠᠭ᠋ᠠᠨ ᠭᠤᠶᠤᠤ᠎ᠳᠤ ᠠᠮᠢᠳᠣ ᠪᠣᠳᠠᠰ᠎ᠤᠨ ᠱᠦᠯᠳᠣ᠂ ᠴᠠᠷᠳᠠᠭᠤᠯ᠎ᠤᠨ ᠣᠭᠣᠷᠠᠭ᠂ ᠰᠢᠪᠲᠦᠷᠳᠣ ᠬᠦᠴᠢᠯ᠂ ᠸᠢᠲ᠋ᠠᠮᠢᠨ᠂ ᠣᠨᠴᠠᠭ᠋ᠠᠢ᠌ᠯᠠᠨ ᠪᠸᠨ᠋ᠽᠢᠨᠤ ᠪᠠᠯᠳᠣ ᠠ᠋ᠳ᠋ᠨᠢ ᠪᠣᠰᠣᠳ ᠠ᠋ᠮᠳᠣ ᠪᠣᠳᠠᠰ᠎ᠠᠴᠠ ᠠ᠋ᠯᠪᠡᠭ ᠠᠭᠤᠯᠤᠭᠳᠠᠵᠤ ᠪᠠᠢ᠌ᠭ᠎ᠠ ᠪᠣᠯᠬᠣᠷ ᠬᠦᠮᠦᠨ᠎ᠤ ᠪᠡᠶ᠎ᠡ ᠵᠢ ᠲᠠᠮᠢᠷ ᠴᠢᠳᠠᠯ᠎ᠲᠠᠢ᠂ ᠴᠣᠭ ᠰᠦᠯᠳᠡ᠎ᠲᠠᠢ ᠪᠣᠯᠭ᠋ᠠᠵᠤ᠂ ᠦᠳᠡᠯᠬᠦ ᠵᠢ ᠣᠳᠠᠭ᠋ᠠᠰᠢᠷᠠᠭᠤᠯᠬᠣ ᠣᠨᠴᠠ ᠦᠢ᠍ᠯᠡᠳᠦᠯ᠎ᠲᠠᠢ ᠭᠡᠵᠤ ᠳᠡᠮᠳᠡᠭᠯᠡᠭᠰᠡᠨ ᠪᠠᠢ᠌ᠳᠠᠭ᠃ ᠴᠠᠭ᠋ᠠᠨ ᠭᠤᠶᠤᠤ ᠵᠢ ᠨᠣᠳᠣᠭ᠎ᠤᠨ ᠬᠦᠮᠦᠰ ᠬᠠᠷ᠎ᠠ ᠠᠷᠢᠬᠢᠨ᠎ᠳᠤ ᠳᠡᠪᠳᠦᠭᠡᠵᠤ ᠣᠣᠭᠣᠬᠣ ᠳᠣᠷᠠᠲᠠᠢ᠂ ᠴᠠᠭ᠋ᠠᠨ ᠭᠤᠶᠤᠤ ᠳᠡᠪᠲᠦᠭᠡᠭᠰᠡᠨ ᠠᠷᠢᠬᠢ᠎ᠨᠢ ᠣᠯᠠᠭ᠋ᠠᠨ ᠬᠦᠷᠡᠨᠭ ᠦᠨᠭᠭᠡᠳᠡᠢ᠂ ᠠᠮᠳᠠ᠎ᠨᠢ ᠰᠢᠬᠢᠷᠯᠢᠭ ᠰᠠᠢ᠌ᠬᠠᠨ ᠪᠣᠯᠳᠠᠭ᠃ ᠠ᠋ᠨᠡ᠎ᠨᠢ ᠬᠦᠮᠦᠨ᠎ᠤ ᠬᠤᠳᠣᠭᠣᠳᠣᠨᠤ ᠰᠢᠨᠭᠭᠡᠭᠡᠯᠳᠡ ᠵᠢ ᠰᠠᠢ᠌ᠵᠢᠷᠠᠭᠤᠯᠬᠤ᠂ ᠨᠤᠢ᠌ᠷ ᠬᠣᠯᠵᠢᠬᠣ ᠪᠠ ᠦᠶ᠎ᠡ ᠬᠡᠰᠢᠭᠦᠤ ᠵᠢᠨ ᠡᠪᠡᠳᠴᠢᠨ᠎ᠢ ᠵᠠᠰᠠᠬᠤ ᠦᠢ᠍ᠯᠡᠳᠦᠯ᠎ᠲᠠᠢ᠃ ᠠ᠋ᠬᠦᠨ᠎ᠠᠴᠠ ᠭᠠᠳᠠᠨ᠎ᠠ ᠴᠠᠭ᠋ᠠᠨ ᠭᠤᠶᠤᠤ ᠵᠢ ᠬᠦᠮᠦᠰ ᠳᠡᠭᠡᠳᠣ ᠰᠢᠨ᠎ᠡ ᠮᠡᠷᠭᠡᠵᠢᠯ᠎ᠳᠤ ᠲᠦᠰᠢᠭᠯᠡᠨ ᠬᠦᠮᠦᠨ᠎ᠤ ᠪᠡᠶ᠎ᠡ ᠵᠢᠨ ᠠ᠋ᠷᠡᠬᠦᠯᠵᠢᠯᠳᠤ ᠣᠮᠳᠠᠭ᠋ᠠᠨ ᠪᠣᠯᠭ᠋ᠠᠵᠤ ᠪᠠᠢ᠌ᠨ᠎ᠠ᠃
ᠡᠮ ᠠ᠋ᠮᠨᠡᠯᠬᠡ ᠵᠢᠨ ᠦᠢ᠍ᠯᠡᠳᠦᠯ ᠪᠠ ᠪᠣᠰᠣᠳ ᠲᠠᠯ᠎ᠠ ᠵᠢᠨ ᠬᠡᠷᠡᠭᠴᠡᠭᠡ᠎ᠠᠴᠠ ᠪᠣᠯᠵᠣ᠂ ᠲᠡᠣᠬᠡᠨ᠎ᠠᠴᠠ ᠠᠪᠤᠭ᠋ᠠᠳ ᠵᠠᠬ᠎ᠠ ᠳᠡᠯᠬᠡᠬᠦᠷ᠎ᠤᠨ ᠦᠨᠡᠨ᠎ᠢ ᠬᠡᠵᠢᠶᠡᠳᠡ ᠦᠨᠳᠦᠷ ᠪᠠᠢ᠌ᠳᠠᠭ᠃ ᠠ᠋ᠢ᠌ᠮᠣᠠᠴᠠ ᠴᠠᠭ᠋ᠠᠨ ᠭᠤᠶᠤᠤ ᠵᠢ 《ᠠ᠋ᠯᠡᠰᠦᠨ᠎ᠤ ᠣᠷᠬᠣᠳᠠᠢ》᠂ 《ᠠᠯᠳᠠᠨ ᠰᠣᠶᠣᠭ᠎ᠠ》᠂ 《ᠭᠠᠵᠠᠷ᠎ᠤᠨ ᠣᠬᠢ》 ᠬᠡᠮᠡᠨ ᠵᠦᠢ᠍ᠷᠯᠡᠨ ᠨᠡᠷᠡᠯᠡᠳᠡᠭ᠃ ᠣᠢ᠌ᠷ᠎ᠠ ᠵᠢᠨ ᠵᠢᠯ᠎ᠤᠳ᠎ᠲᠤ ᠨᠣᠳᠣᠭ ᠣᠷᠣᠨ᠎ᠤ ᠭᠠᠨᠭ᠌ ᠭᠠᠭᠰᠠᠷᠭ᠋ᠠᠨ ᠪᠣᠯᠣᠨ ᠠᠮᠢ ᠠᠬᠤᠢ ᠵᠢᠨ ᠣᠷᠴᠢᠨ ᠳᠣᠭᠣᠷᠢᠨᠤ ᠡᠪᠳᠡᠭᠳᠡᠯ᠎ᠠᠴᠠ ᠪᠣᠯᠵᠣ᠂ ᠴᠠᠭ᠋ᠠᠨ ᠭᠤᠶᠤᠤ ᠵᠢᠨ ᠭᠠᠷᠣᠯᠳᠠ ᠵᠢᠯ᠎ᠠᠴᠠ ᠵᠢᠯ ᠮᠠᠭᠤᠳᠠᠵᠤ ᠬᠤᠪᠤᠷᠳᠠᠬᠤ ᠬᠠᠨᠳᠣᠰᠢ᠎ᠲᠠᠢ ᠪᠣᠯᠵᠡᠢ᠃ ᠠ᠋ᠨᠡ ᠪᠠᠢ᠌ᠳᠠᠯ᠎ᠳᠤ ᠴᠢᠭᠯᠡᠬᠦᠯᠵᠣ᠂ ᠬᠠᠮᠢᠶᠠᠳᠠᠢ ᠪᠠᠢ᠌ᠭᠣᠯᠭ᠎ᠠ ᠨᠢᠬᠡᠴᠡ ᠵᠠᠭᠤᠨ ᠣᠢ ᠵᠢ ᠪᠢᠲᠡᠭᠦᠮᠵᠢᠯᠡᠨ ᠬᠠᠮᠠᠭ᠋ᠠᠯᠠᠭᠰᠠᠨᠤ ᠰᠠᠭᠤᠷᠢᠨ ᠳᠡᠭᠡᠷ᠎ᠡ ᠰᠢᠨᠵᠢᠯᠡᠬᠦ ᠣᠬᠠᠭ᠋ᠠᠨᠴᠢ ᠪᠣᠰᠣ᠂ ᠵᠦᠢ ᠵᠤᠬᠢᠰ ᠦᠬᠡᠢ ᠮᠠᠯᠳᠠᠵᠤ ᠠᠰᠢᠭᠯᠠᠬᠤ ᠵᠢ ᠬᠤᠷᠢᠭᠯᠠᠨ᠂ ᠬᠦᠮᠦᠨ᠎ᠤ ᠬᠦᠴᠤ᠎ᠪᠠᠷ ᠴᠠᠭ᠋ᠠᠨ ᠭᠤᠶᠤᠤ ᠳᠠᠷᠢᠬᠣ ᠠ᠋ᠬᠦᠳᠦᠯᠳᠡ ᠵᠢ ᠰᠣᠳᠣᠯᠣᠨ ᠭᠠᠷᠭ᠋ᠠᠵᠤ᠂ ᠪᠠᠢ᠌ᠭ᠋ᠠᠯᠢ ᠵᠢᠨ ᠣᠷᠴᠢᠨ ᠳᠣᠭᠣᠷᠢᠨᠤ ᠲᠡᠨᠭᠴᠡᠭᠦᠷᠢ ᠵᠢ ᠵᠤᠬᠢᠴᠠᠭᠤᠯᠵᠤ᠂ ᠦᠢ᠍ᠯᠡᠳᠦᠯ ᠬᠡᠷᠡᠭᠴᠡᠭᠡ ᠵᠢ᠎ᠨᠢ ᠣᠯᠠᠮ ᠪᠠᠳᠠᠷᠠᠭᠤᠯᠬᠤ᠎ᠪᠠᠷ ᠵᠣᠷᠢᠵᠣ ᠪᠠᠢ᠌ᠨ᠎ᠠ᠃ (ᠠᠷᠡᠳ᠎ᠤᠨ ᠰᠦᠯᠵᠢᠶ᠎ᠠ)