ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠡᠪᠡᠰᠦ ᠤᠷᠭᠤᠮᠠᠯ
ᠴᠢᠨ᠋ᠸ᠎ᠠ ᠵᠢᠨ ᠬᠠᠷᠮᠠᠭ
ᠨᠡᠶ᠋ᠢᠲᠡᠯᠡᠭᠰᠡᠨ ᠴᠠᠭ᠄ 2020-03-20

      ᠴᠢᠨ᠋ᠸ᠎ᠠ ᠵᠢᠨ ᠬᠠᠷᠮᠠᠭ



      ᠴᠢᠨ᠋ᠸ᠎ᠠ ᠵᠢᠨ ᠬᠠᠷᠮᠠᠭ ᠪᠤᠯ ᠤᠷᠲᠤ ᠨᠠᠰᠤᠲᠤ ᠤᠷᠭᠤᠮᠠᠯ ᠪᠤᠯᠤᠨ᠎ᠠ᠃ ᠬᠠᠲᠠᠭᠤ ᠵᠦᠭᠡᠯᠡᠨ ᠬᠦᠷᠦᠰᠦ ᠰᠢᠷᠤᠢ ᠪᠤᠶᠤ ᠨᠤᠢ᠌ᠲᠠᠨ ᠴᠢᠭᠢᠭᠯᠢᠭ ᠭᠠᠵᠠᠷ᠎ᠲᠤ ᠤᠷᠭᠤᠳᠠᠭ ᠪᠤᠲᠠᠯᠢᠭ ᠮᠤᠳᠤ ᠪᠤᠯᠤᠨ᠎ᠠ᠃ ᠵᠠᠮ᠎ᠤᠨ ᠬᠠᠵᠠᠭᠤ᠂ ᠰᠠᠭᠤᠷᠢᠰᠢᠯ᠎ᠤᠨ ᠤᠷᠴᠢᠮ᠂ ᠲᠠᠷᠢᠶᠠᠨ ᠭᠠᠵᠠᠷ᠂ ᠠᠭᠤᠯᠠᠷᠬᠠᠭ ᠭᠠᠵᠠᠷ᠎ᠤᠨ ᠲᠤᠪᠤ ᠲᠤᠪᠤᠴᠠᠭ ᠵᠢᠴᠢ ᠪᠤᠲᠠ ᠰᠦᠭᠡᠭ ᠵᠶ᠋ᠡᠷ ᠤᠷᠭᠤᠳᠠᠭ᠃ ᠮᠠᠨ᠎ᠤ ᠤᠷᠤᠨ᠎ᠤ ᠬᠢᠩᠭ᠋ᠠᠨ᠎ᠤ ᠡᠮᠦᠨᠡᠲᠤ ᠬᠡᠰᠡᠭ᠂ ᠬᠤᠷᠴᠢᠨ ᠲᠤᠭᠤᠷᠢᠭ᠂ ᠤᠯᠠᠭ᠋ᠠᠨᠬᠠᠳᠠ ᠵᠢᠨ ᠲᠤᠪᠤ ᠲᠤᠪᠤᠴᠠᠭ ᠵᠶ᠋ᠠᠷ ᠤᠷᠭᠤᠯᠳᠠ᠎ᠲᠠᠢ᠃ ᠪᠦᠬᠦ ᠤᠯᠤᠰ᠎ᠤᠨ ᠡᠯ᠎ᠡ ᠮᠤᠵᠢ ᠤᠷᠤᠨ ᠵᠶ᠋ᠠᠷ ᠲᠠᠷᠬᠠᠨ᠎ᠠ᠃ ᠠᠽᠢᠶ᠎ᠠ ᠵᠢᠨ ᠵᠡᠬᠦᠨ ᠬᠡᠰᠡᠭ ᠵᠢᠴᠢ ᠡᠸᠦ᠋ᠷᠦᠫᠡ ᠵᠶ᠋ᠡᠷ ᠪᠠᠰᠠ ᠳᠠᠷᠬᠠᠵᠤ ᠪᠠᠢ᠌ᠳᠠᠭ᠃ ᠨᠠᠪᠴᠢ᠎ᠨᠢ ᠵᠢᠵᠢᠭᠭᠡᠨ ᠪᠦᠬᠡᠳ ᠦᠲᠦᠨ ᠬᠡᠯᠪᠡᠷᠢᠳᠠᠢ ᠪᠠᠢ᠌ᠵᠤ ᠨᠢᠭᠡ ᠨᠢᠭᠡ᠎ᠪᠠᠷ ᠠᠯᠤᠰᠯᠠᠨ ᠤᠷᠭᠤᠵᠤ ᠬᠤᠶᠠᠷ ᠨᠠᠪᠴᠢᠨ᠎ᠤ ᠬᠤᠭᠤᠷᠤᠨᠳᠤ ᠨᠢᠭᠡᠨ ᠤᠷᠲᠤ ᠦᠷᠭᠡᠰᠦ᠎ᠲᠠᠢ ᠪᠠᠢ᠌ᠳᠠᠭ᠃ ᠴᠡᠴᠡᠭ᠎ᠨᠢ ᠴᠤᠪᠤᠷᠠᠨ ᠤᠷᠭᠤᠵᠤ ᠲᠠᠪᠤᠨ ᠴᠠᠭ᠋ᠠᠨ ᠳᠠᠯᠠᠪᠴᠢ᠎ᠲᠠᠢ ᠴᠡᠴᠡᠭ ᠳᠡᠯᠭᠡᠷᠡᠳᠡᠭ᠃ ᠴᠡᠴᠡᠭ᠎ᠤᠨ ᠤᠭ᠎ᠠᠴᠠ᠎ᠨᠢ ᠦᠷ᠎ᠡ᠎ᠨᠢ ᠪᠤᠯᠪᠠᠰᠤᠷᠠᠳᠠᠭ᠃ ᠦᠨᠳᠦᠰᠦ᠎ᠨᠢ ᠵᠡᠯᠡᠯᠡᠨ ᠤᠷᠭᠤᠳᠠᠭ ᠪᠦᠭᠡᠳ ᠪᠦᠯᠦᠭᠯᠡᠨ ᠤᠷᠭᠤᠵᠤ ᠦᠭᠡᠷ᠎ᠡ ᠪᠤᠰᠤᠳ ᠤᠷᠭᠤᠮᠠᠯ᠎ᠲᠠᠢ ᠬᠦᠷᠦᠰᠦ ᠪᠤᠯᠢᠶᠠᠯᠳᠤᠨ ᠦᠷᠢᠰᠦᠯᠳᠡᠳᠡᠭ᠃ ᠵᠢᠯ ᠪᠤᠯᠭ᠋ᠠᠨ᠎ᠤ ᠲᠠᠪᠤᠨ ᠰᠠᠷ᠎ᠠ᠎ᠳᠤ ᠴᠡᠴᠡᠭᠯᠡᠵᠦ᠂ ᠵᠢᠷᠭᠤᠭ᠎ᠠ ᠳᠤᠯᠤᠭ᠋ᠠᠨ ᠰᠠᠷ᠎ᠠ᠎ᠳᠤ ᠵᠢᠮᠢᠰᠯᠡᠳᠡᠭ᠃ ᠬᠤᠷ᠎ᠠ ᠪᠤᠷᠤᠭ᠋ᠠᠨ ᠲᠡᠭᠰᠢ ᠪᠤᠯ ᠠᠷᠪᠠᠨ ᠬᠡᠳᠦᠨ ᠮᠸᠲᠷ ᠦᠨᠳᠦᠷ ᠤᠷᠭᠤᠳᠠᠭ᠃
      ᠦᠷ᠎ᠡ ᠵᠢᠮᠢᠰ᠎ᠨᠢ ᠡᠮ᠎ᠳᠤ ᠤᠷᠤᠵᠤ᠂ ᠭᠤᠤᠯᠳᠠᠭᠤ ᠨᠢᠳᠦ ᠡᠷᠢᠶᠡᠯᠵᠡᠬᠦ᠂ ᠲᠤᠯᠤᠭ᠋ᠠᠢ ᠡᠷᠭᠢᠬᠦ᠂ ᠴᠢᠬᠢ ᠱᠤᠤᠭᠢᠬᠤ᠂ ᠬᠦᠯ ᠨᠢᠷᠤᠭᠤ ᠰᠢᠮᠰᠢᠷᠡᠵᠤ ᠡᠪᠡᠳᠬᠦ᠂ ᠰᠢᠬᠢᠷ ᠰᠢᠵᠢᠩ ᠡᠪᠡᠳᠴᠢᠨ ᠵᠡᠷᠭᠡ ᠵᠢ ᠵᠠᠰᠠᠳᠠᠭ᠃ ᠮᠤᠩᠭᠤᠯ ᠡᠮ᠎ᠳᠤ ᠬᠡᠷᠡᠭᠯᠡᠪᠡᠯ ᠭᠤᠤᠯᠳᠠᠭᠤ ᠬᠦᠬᠦᠨ ᠪᠤᠯᠴᠢᠷᠬᠠᠢ ᠵᠢᠨ ᠦᠷᠪᠢᠰᠦᠯ᠂ ᠴᠢᠰᠤᠨ ᠪᠡᠳᠡᠬᠢ᠂ ᠵᠢᠷᠤᠬᠡᠨ ᠬᠠᠯᠠᠭᠤᠨ᠂ ᠬᠠᠯᠠᠭᠤᠷᠠᠬᠤ᠂ ᠴᠢᠰᠦ ᠬᠦᠭᠡᠬᠦ ᠡᠪᠡᠳᠴᠢᠨ ᠵᠡᠷᠭᠡ ᠵᠢ ᠵᠠᠰᠠᠨ᠎ᠠ᠃ ᠦᠨᠳᠦᠰᠦ᠎ᠨᠢ ᠡᠮ᠎ᠳᠤ ᠤᠷᠤᠪᠠᠯ ᠭᠤᠤᠯᠳᠠᠭᠤ ᠬᠠᠯᠠᠭᠤᠨ᠎ᠢ ᠬᠦᠭᠡᠭᠡᠬᠦ᠂ ᠴᠢᠰᠦᠨ᠎ᠤ ᠬᠠᠯᠠᠭᠤᠨ᠎ᠢ ᠪᠠᠭᠤᠷᠠᠭᠤᠯᠬᠤ ᠵᠢᠨ ᠵᠡᠷᠭᠡ᠎ᠪᠠᠷ ᠪᠠᠰᠠ ᠬᠦᠢ᠍ᠳᠡᠨ ᠬᠦᠯᠦᠰᠦ ᠭᠠᠷᠴᠤ ᠵᠢᠷᠦᠬᠡ ᠲᠦᠭᠰᠢᠬᠦ ᠠᠮᠠ ᠬᠠᠳᠠᠬᠤ᠂ ᠬᠠᠨᠢᠶᠠᠳᠤ ᠵᠡᠷᠭᠡ ᠵᠢ ᠵᠠᠰᠠᠨ᠎ᠠ᠃ ᠪᠡᠶ᠎ᠡ ᠵᠢᠨ ᠡᠯ᠎ᠡ ᠡᠷᠬᠡᠳᠡᠨ᠎ᠢ ᠰᠠᠢ᠌ᠵᠢᠷᠠᠭᠤᠯᠤᠬᠤ᠂ ᠴᠢᠰᠦ ᠵᠢ ᠨᠦᠬᠦᠬᠦ ᠮᠦᠷᠳᠡᠭᠡᠨ ᠦᠲᠡᠯᠬᠦ ᠵᠢ ᠤᠳᠠᠭ᠋ᠠᠰᠢᠷᠠᠭᠤᠯᠵᠤ᠂ ᠪᠦᠭᠡᠷ᠎ᠡ ᠵᠢ ᠰᠠᠢ᠌ᠵᠢᠷᠠᠭᠤᠯᠬᠤ ᠦᠢ᠍ᠯᠡᠳᠦᠯ᠎ᠲᠠᠢ᠂ ᠦᠷ᠎ᠡ᠎ᠢ᠎ᠨᠢ ᠮᠢᠬᠠᠨ ᠱᠦᠯᠤ᠎ᠲᠠᠢ ᠨᠡᠢ᠌ᠯᠡᠬᠦᠯᠵᠤ ᠴᠢᠨᠠᠭ᠋ᠠᠳ ᠤᠤᠭᠤᠪᠠᠯ ᠲᠠᠮᠢᠷ ᠨᠦᠬᠦᠬᠦ ᠴᠢᠳᠠᠯ᠎ᠲᠠᠢ᠂ ᠬᠠᠯᠠᠭᠤᠨ ᠤᠰᠤᠨ᠎ᠳᠤ ᠤᠯᠠᠭ᠋ᠠᠨ ᠦᠷ᠎ᠡ ᠵᠢ ᠬᠢᠵᠤ ᠴᠠᠢ ᠵᠢᠨ ᠤᠷᠤᠨ᠎ᠳᠤ ᠤᠤᠭᠤᠪᠠᠯ ᠲᠠᠮᠢᠷ ᠨᠦᠬᠦᠵᠤ ᠪᠤᠯᠳᠠᠭ᠃ ᠦᠷ᠎ᠡ ᠵᠢᠨ ᠲᠤᠳᠤᠷ᠎ᠠ ᠴᠠᠭ᠋ᠠᠨ ᠦᠩᠭᠡ᠎ᠲᠠᠢ ᠵᠢᠵᠢᠭ ᠦᠷ᠎ᠡ᠎ᠲᠠᠢ ᠪᠠᠢ᠌ᠳᠠᠭ᠃ ᠦᠷ᠎ᠡ᠎ᠨᠢ ᠦᠨ᠎ᠡ᠎ᠳᠤ ᠬᠦᠷᠳᠡᠭ ᠪᠤᠯᠬᠤᠷ ᠠᠵᠤ ᠠᠬᠤᠢ ᠵᠢᠨ ᠤᠷᠤᠯᠭ᠎ᠠ ᠵᠢ ᠨᠡᠮᠡᠭᠳᠡᠭᠦᠯᠳᠡᠭ᠃


ᠢᠷᠡᠯᠲᠡ᠄
          
ᠬᠠᠮᠢᠶ᠎ᠡ ᠪᠦᠬᠦᠢ ᠰᠣᠨᠢᠨ
ᠬᠡᠭᠡᠷ᠎ᠡ ᠵᠢᠨ ᠬᠦᠢ᠍ᠯᠡᠰᠦ
ᠲᠠᠷᠪᠠᠭ᠋ᠠᠨ ᠰᠢᠭᠢᠷ᠎ᠡ
ᠵᠠᠭ᠋ᠠᠨ
ᠬᠡᠴᠡ ᠴᠡᠴᠡᠭ
ᠮᠣᠩᠭᠣᠯ ᠡᠮ ᠴᠢᠴᠠᠷᠭ᠋ᠠᠨ᠎ᠠ
 
             蒙ICP备05000248号