ᠴᠢᠴᠠᠷᠭ᠋ᠠᠨ᠎ᠠ᠂ ᠦᠭᠡᠷ᠎ᠡ ᠨᠡᠷ᠎ᠡ᠎ᠨᠢ ᠳ᠋ᠠᠷᠪᠣ᠂ ᠬᠢᠳᠠᠳ ᠨᠡᠷ᠎ᠡ᠎ᠨᠢ 沙棘᠂ ᠲᠣᠮᠳᠠᠳᠣ ᠣᠯᠣᠰ᠎ᠤᠨ ᠣᠮᠠᠷᠠᠳᠣ ᠣᠷᠣᠨ᠂ ᠪᠠᠷᠠᠭᠣᠨ ᠬᠣᠢ᠌ᠳᠣ ᠣᠷᠣᠨ᠂ ᠪᠠᠷᠠᠭᠣᠨ ᠡᠮᠦᠨᠡᠳᠣ ᠣᠷᠣᠨ᠎ᠳᠤ ᠭᠠᠷᠣᠨ᠎ᠠ᠂ ᠨᠠᠮᠣᠷ ᠵᠢᠮᠢᠰ᠎ᠨᠢ ᠬᠦᠯᠳᠡᠵᠣ ᠬᠠᠳᠠᠭᠣᠷᠠᠬᠣ ᠦᠶ᠎ᠡ᠎ᠳᠤ ᠠᠪᠴᠣ ᠴᠡᠪᠡᠷᠯᠡᠨ ᠨᠠᠷᠠᠨ᠎ᠳᠤ ᠬᠠᠳᠠᠭ᠋ᠠᠬᠣ ᠪᠣᠶᠣ ᠬᠠᠭᠰᠠᠭ᠋ᠠᠵᠣ ᠬᠠᠳᠠᠭ᠋ᠠᠬᠣ ᠡᠰᠡᠬᠦᠯ᠎ᠡ ᠨᠣᠢ᠌ᠳᠠᠨ ᠵᠶ᠋ᠡᠷ᠎ᠨᠢ ᠬᠠᠨᠳᠠᠯᠠᠨ᠎ᠠ᠃ ᠴᠢᠴᠠᠷᠭ᠋ᠠᠨ᠎ᠠ ᠢᠰᠬᠦᠯᠡᠩ᠂ ᠡᠭᠡᠬᠦᠨ ᠠᠮᠳᠠ᠎ᠲᠠᠢ᠂ ᠪᠦᠯᠢᠶᠡᠨ ᠴᠢᠨᠠᠷᠲᠠᠢ᠂ ᠬᠠᠭᠣᠷᠠᠢ᠂ ᠲᠣᠰᠣᠯᠢᠭ᠂ ᠪᠠᠳᠣᠯᠢᠭ ᠡᠷᠳᠡᠮ᠎ᠲᠠᠢ᠂ ᠬᠠᠨᠢᠶᠠᠬᠣ ᠵᠢ ᠵᠣᠭᠰᠣᠭ᠋ᠠᠬᠣ᠂ ᠴᠡᠷᠢ ᠠᠷᠢᠯᠭ᠋ᠠᠬᠣ᠂ ᠴᠢᠰᠣ ᠵᠢ ᠰᠢᠩᠭᠡᠷᠡᠬᠦᠯᠬᠦ᠂ ᠪᠠᠳᠭ᠋ᠠᠨ ᠪᠣᠷᠣ ᠵᠢ ᠲᠠᠷᠣᠬᠣ ᠴᠢᠳᠠᠯ᠎ᠲᠠᠢ᠃ ᠡᠮᠴᠢᠯᠡᠭᠡᠨ ᠲᠡᠭᠡᠷ᠎ᠡ ᠭᠣᠣᠯᠳᠠᠭᠣ ᠠᠭᠣᠰᠬᠢᠨ ᠠᠷᠬᠠᠭ᠂ ᠠᠭᠣᠰᠬᠢ ᠦᠬᠡᠷᠢᠯᠡᠭᠰᠡᠨ᠂ ᠴᠡᠷ ᠬᠣᠪᠬᠣᠷᠠᠬᠣ ᠦᠬᠡᠢ᠂ ᠴᠢᠰᠣ ᠪᠦᠷᠢᠯᠳᠦᠭᠰᠡᠨ ᠡᠪᠡᠳᠴᠢᠨ᠂ ᠴᠢᠰᠣᠨ ᠪᠡᠳᠡᠬᠢ᠂ ᠰᠠᠷ᠎ᠠ ᠵᠢᠨ ᠭ᠋ᠬᠢᠷ ᠬᠣᠷᠢᠭᠳᠠᠭᠰᠠᠨ᠂ ᠪᠣᠷᠣ ᠡᠪᠡᠳᠴᠢᠨ᠂ ᠪᠣᠷᠣ ᠵᠢᠨ ᠪᠡᠳᠡᠬᠢ᠂ ᠡᠰᠡ ᠰᠢᠩᠭᠡᠭᠰᠡᠨ ᠵᠡᠷᠭᠡ ᠡᠪᠡᠳᠴᠢᠨ ᠪᠠ ᠰᠢᠨᠵᠢ ᠲᠡᠮᠳᠡᠭ᠎ᠢ ᠵᠠᠰᠠᠬᠣ᠎ᠳᠤ ᠬᠡᠷᠡᠭᠯᠡᠵᠣ ᠪᠠᠢ᠌ᠨ᠎ᠠ᠃
![]()
![]()