【ᠦᠭᠡᠷ᠎ᠡ ᠨᠡᠷ᠎ᠡ】 ᠵᠢᠭᠣᠮᠪᠠ᠂ ᠪᠢᠮᠪᠢᠷ᠂ ᠠᠴᠠ ᠲᠠᠣᠯᠠᠢ ᠵᠢᠨ ᠲᠠᠩᠨᠠᠢ
【ᠤᠷᠭᠤᠯᠳᠠ ᠵᠢᠨ ᠣᠷᠣᠨ】 ᠠᠭᠤᠯᠠᠨ ᠬᠠᠵᠠᠭᠣ᠂ ᠲᠠᠷᠢᠶ᠎ᠠ᠂ ᠠᠲᠠᠷ ᠭᠠᠵᠠᠷ᠂ ᠵᠠᠮ᠎ᠤᠨ ᠬᠠᠪᠢ᠎ᠪᠠᠷ ᠪᠦᠷ ᠣᠷᠭᠣᠨ᠎ᠠ᠃ ᠰᠢᠯᠢ ᠵᠢᠨ ᠭᠤᠤᠯ᠎ᠤᠨ ᠲᠠᠯ᠎ᠠ ᠨᠣᠲᠣᠭ᠎ᠲᠤ ᠣᠯᠠᠨ ᠬᠠᠷᠠᠭᠳᠠᠨ᠎ᠠ᠃
【ᠪᠤᠯᠪᠠᠰᠤᠷᠠᠬᠤ ᠴᠠᠭ ᠵᠢᠴᠢ ᠬᠡᠷᠡᠭᠯᠡᠭᠡᠨ᠎ᠤ ᠬᠡᠰᠡᠭ】 ᠵᠣᠨ᠎ᠤ ᠣᠯᠠᠷᠢᠯ᠎ᠳᠤ ᠴᠡᠴᠡᠭᠯᠡᠭᠰᠡᠨ ᠦᠶ᠎ᠡ᠎ᠳᠤ ᠪᠦᠬᠦᠯᠢ ᠡᠪᠡᠰᠦ᠂ ᠦᠨᠳᠦᠰᠦ ᠵᠢ᠎ᠨᠢ ᠬᠠᠲᠠᠭ᠋ᠠᠵᠣ ᠬᠡᠷᠡᠭᠯᠡᠨ᠎ᠡ᠃
【ᠠᠮᠲᠠ᠂ ᠴᠢᠨᠠᠷ᠂ ᠴᠢᠳᠠᠯ】 ᠠᠮᠲᠠᠯᠢᠭ᠂ ᠭᠤᠱ᠌ᠣᠭᠣᠨ ᠠᠮᠲᠠᠲᠠᠢ᠃ ᠬᠦᠢ᠍ᠲᠡᠨ ᠴᠢᠨᠠᠷᠲᠠᠢ᠃ ᠴᠢᠰᠣ ᠵᠢ ᠵᠣᠭᠰᠣᠭ᠋ᠠᠵᠣ᠂ ᠭᠡᠳᠡᠰᠦᠨ ᠬᠢᠵᠢᠭ᠎ᠢ ᠠᠷᠢᠯᠭ᠋ᠠᠨ᠎ᠠ᠃
ᠢᠷᠡᠯᠲᠡ᠄ 《ᠦᠪᠦᠷ ᠮᠣᠩᠭᠣᠯ᠎ᠤᠨ ᠣᠷᠭᠣᠮᠠᠯ᠎ᠤᠨ ᠣᠢ᠌ᠯᠠᠯᠭ᠎ᠠ》 (ᠭᠤᠷᠪᠠᠳᠣᠭ᠋ᠠᠷ ᠪᠣᠳᠢ) (P91)
《ᠪᠦᠬᠦ ᠣᠯᠣᠰ᠎ᠤᠨ ᠬᠢᠲᠠᠳ ᠡᠪᠡᠰᠦᠨ ᠡᠮ᠎ᠤᠨ ᠡᠮᠬᠢᠳᠭᠡᠯ》 (ᠳᠣᠣᠷᠠᠲᠣ ᠳᠡᠪᠲᠡᠷ) (P4)