ᠨᠢᠭᠡ ᠨᠠᠰᠤᠲᠤ ᠡᠪᠡᠰᠦᠯᠢᠭ ᠬᠡᠳᠦ ᠭᠠᠩᠰᠠᠭ ᠤᠷᠭᠤᠮᠠᠯ᠃ ᠰᠠᠷᠠᠨ ᠬᠡᠯᠪᠡᠷᠢᠳᠠᠢ ᠨᠡᠭᠦᠳᠡᠯ ᠡᠯᠡᠰᠦᠨ ᠲᠤᠪᠤ ᠵᠢᠨ ᠲᠤᠤᠷ᠎ᠠ ᠬᠡᠰᠡᠭ ᠪᠤᠶᠤ ᠲᠤᠪᠤ ᠵᠢᠨ ᠬᠤᠭᠤᠷᠤᠨᠳᠤᠬᠢ ᠬᠤᠳᠤᠭᠤᠷ ᠬᠠᠢ᠌ᠷᠬᠠᠭ ᠬᠦᠷᠦᠰᠦᠨᠳᠤ ᠤᠷᠭᠤᠨ᠎ᠠ᠃ ᠨᠡᠭᠦᠳᠡᠯ ᠡᠯᠡᠰᠦᠨᠳᠤ ᠤᠷᠭᠤᠳᠠᠭ ᠤᠷᠭᠤᠮᠠᠯ ᠪᠤᠯᠤᠨ᠎ᠠ᠃ ᠪᠦᠬᠦ ᠤᠷᠤᠨᠳᠤ ᠨᠡᠢ᠌ᠳᠠᠮ ᠤᠷᠭᠤᠨ᠎ᠠ᠃ ᠮᠠᠨᠤ ᠤᠯᠤᠰᠤᠨ ᠵᠡᠬᠦᠨ ᠬᠤᠢ᠌ᠲᠤ ᠤᠷᠤᠨ᠂ ᠤᠮᠠᠷᠠᠲᠤ ᠤᠷᠤᠨ᠂ ᠪᠠᠷᠠᠭᠤᠨ ᠬᠤᠢ᠌ᠲᠤ ᠤᠷᠤᠨ ᠵᠶ᠋ᠠᠷ ᠲᠠᠷᠬᠠᠨ᠂ ᠮᠤᠩᠭᠤᠯ ᠤᠯᠤᠰ᠂ ᠤᠷᠤᠰᠤᠨ ᠰᠢᠪᠸᠷᠢᠶ᠎ᠠ᠂ ᠲᠤᠮᠳᠠ ᠠᠽᠢᠶ᠎ᠠ ᠵᠢᠨ ᠭᠠᠵᠠᠷ ᠤᠷᠤᠨ ᠵᠶ᠋ᠠᠷ ᠪᠠᠰᠠ ᠤᠷᠭᠤᠨ᠎ᠠ᠃ ᠲᠡᠮᠡᠭᠡ ᠠᠮᠳᠠᠷᠬᠠᠨ ᠢᠳᠡᠳᠡᠭ᠃ ᠬᠤᠨᠢ ᠢᠮᠠᠭ᠎ᠠ ᠦᠬᠡᠷ ᠵᠦᠭᠡᠯᠡᠨ ᠨᠠᠪᠴᠢ ᠵᠢᠨᠢ ᠢᠳᠡᠳᠡᠭ᠂ ᠴᠡᠴᠡᠭᠯᠡᠭᠰᠡᠨᠤ ᠰᠡᠭᠦᠯᠡᠷ ᠬᠠᠲᠠᠭᠤᠷᠠᠨ ᠬᠦᠭᠰᠢᠷᠠᠵᠦ ᠤᠯᠠᠨ ᠦᠷᠭᠡᠰᠦᠲᠠᠢ ᠪᠤᠯᠪᠠᠯ ᠭᠡᠷᠤᠨ ᠲᠡᠵᠢᠭᠡᠪᠦᠷᠢ ᠢᠳᠡᠬᠦᠪᠠᠨ ᠪᠤᠯᠢᠳᠠᠭ᠃ ᠦᠷ᠎ᠡ ᠵᠢᠨ ᠰᠤᠶᠤᠭ᠋ᠠᠯᠠᠯᠳᠠᠨᠢ ᠲᠦᠷᠭᠡᠨ ᠪᠦᠭᠡᠳ ᠢᠳᠡᠷᠡᠬᠦᠨ᠂ ᠨᠡᠭᠦᠳᠡᠯ ᠡᠯᠡᠰᠦ ᠵᠢ ᠲᠤᠭᠲᠠᠪᠤᠷᠢᠵᠢᠭᠤᠯᠬᠤ ᠦᠢ᠍ᠯᠡᠳᠦᠯᠲᠠᠢ᠃ ᠦᠷᠡᠨᠢ ᠡᠮᠳᠤ ᠤᠷᠤᠵᠤ᠂ ᠭᠤᠤᠯᠳᠠᠭᠤ ᠬᠠᠯᠠᠭᠤᠨ ᠲᠠᠭᠰᠢᠭᠤᠷ᠂ ᠪᠦᠭᠡᠷᠡᠨ ᠦᠷᠪᠢᠰᠦᠯ ᠵᠡᠷᠭᠡ ᠵᠢ ᠵᠠᠰᠠᠨ᠎ᠠ᠃ ᠦᠷ᠎ᠡ ᠵᠢᠨᠢ ᠪᠤᠷᠳᠤᠭ᠎ᠠ ᠪᠤᠯᠭ᠋ᠠᠵᠤ ᠪᠤᠯᠳᠠᠭ᠃
