ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠡᠪᠡᠰᠦ ᠤᠷᠭᠤᠮᠠᠯ
ᠬᠦᠵᠡᠯᠵᠡᠭᠡᠨ᠎ᠡ
ᠨᠡᠶ᠋ᠢᠲᠡᠯᠡᠭᠰᠡᠨ ᠴᠠᠭ᠄ 2021-02-25

      ᠳᠡᠯᠡᠬᠡᠢ ᠵᠢᠨ ᠡᠷᠡᠬᠦᠯ ᠬᠠᠮᠠᠭ᠋ᠠᠯᠠᠯ᠎ᠤᠨ ᠵᠤᠬᠢᠶᠠᠨ ᠪᠠᠢ᠍ᠢ᠍ᠭᠤᠯᠤᠯᠳᠠ ᠵᠢᠨ ᠳᠠᠨᠢᠯᠴᠠᠭᠤᠯᠤᠭᠰᠠᠨ ᠬᠠᠮᠤᠭ᠎ᠤᠨ ᠰᠤᠳᠤᠨ ᠵᠢᠮᠢᠰ᠎ᠤᠨ ᠵᠢᠭᠰᠠᠭ᠋ᠠᠯᠳᠠ᠎ᠳᠤ ᠬᠦᠵᠡᠯᠵᠡᠬᠡᠨ᠎ᠠ ᠬᠤᠶᠠᠳᠤᠭ᠋ᠠᠷ᠎ᠲᠤ ᠵᠢᠭᠰᠠᠭ᠋ᠠᠭᠳᠠᠪᠠ᠃ ᠤᠳᠤ ᠶᠠᠭ ᠬᠦᠵᠡᠯᠵᠡᠬᠡᠨ᠎ᠠ ᠵᠠᠬ᠎ᠠ ᠳᠡᠯᠬᠡᠬᠦᠷ᠎ᠲᠤ ᠭᠠᠷᠴᠤ ᠪᠠᠢ᠍ᠢ᠍ᠭ᠎ᠠ ᠴᠠᠭ ᠪᠤᠯᠤᠨ᠎ᠠ᠂ ᠵᠠᠬ᠎ᠠ ᠳᠡᠯᠬᠡᠬᠦᠷ᠎ᠲᠠᠬᠢ ᠳᠦᠷᠤᠯ ᠵᠤᠢ᠍ᠢ᠍ᠯ᠎ᠨᠢ ᠤᠯᠠᠨ᠂ ᠬᠡᠯᠪᠡᠷᠢ ᠪᠤᠯᠤᠨ ᠠᠮᠳᠠ᠎ᠨᠢ ᠠᠳᠠᠯᠢ ᠦᠬᠡᠢ ᠬᠦᠵᠡᠯᠵᠡᠬᠡᠨ᠎ᠠ᠎ᠠᠴᠠ ᠰᠤᠡᠭᠭᠤᠬᠤ᠎ᠳᠠᠭᠠᠨ ᠳᠠ ᠴᠤ᠌ ᠳᠤᠤᠷᠠᠬᠢ ᠮᠡᠳᠤ ᠤᠯᠠᠨ ᠡᠬᠡᠳᠡᠷᠡᠬᠡ᠎ᠲᠠᠢ ᠪᠠᠢ᠍ᠢ᠍ᠬᠤ᠎ᠨᠢ ᠳᠠᠮᠵᠢᠬ ᠦᠬᠡᠢ᠃




      ᠵᠠᠬ᠎ᠠ ᠳᠡᠯᠬᠡᠬᠦᠷ ᠳᠡᠬᠡᠷᠡᠬᠢ ᠬᠦᠵᠡᠯᠵᠡᠬᠡᠨ᠎ᠠ ᠵᠢᠨ ᠳᠦᠷᠤᠯ ᠵᠤᠢ᠍ᠢ᠍ᠯ᠎ᠨᠢ ᠶᠠᠪᠤᠬᠤ ᠳᠤᠳᠤᠮ ᠤᠯᠠᠰᠢᠷᠠᠵᠤ ᠪᠤᠢ᠂ ᠤᠨᠴᠠᠭ᠋ᠠᠢ᠍ᠢ᠍ᠯᠠᠨ ᠡᠨᠡ ᠬᠡᠳᠤᠨ ᠵᠢᠯ ᠵᠦᠬᠡᠬᠡᠢ᠍ᠢ᠍ᠳᠤ ᠬᠦᠵᠡᠯᠵᠡᠬᠡᠨ᠎ᠠ ᠳᠦᠬᠡᠮᠡᠯ ᠬᠠᠷᠠᠭᠳᠠᠬᠤ ᠪᠤᠯᠤᠭᠰᠠᠨ᠂ ᠳᠠᠷᠠ᠎ᠨᠢ ᠤᠤᠯ᠎ᠤᠨ ᠬᠦᠵᠡᠯᠵᠡᠬᠡᠨ᠎ᠠ᠎ᠲᠠᠢ ᠶᠠᠮᠠᠷ ᠠᠳᠠᠯᠢ ᠦᠬᠡᠢ ᠪᠤᠢ?
      ᠮᠠᠨ᠎ᠤ ᠤᠯᠤᠰ᠎ᠤᠨ ᠨᠤᠳᠤᠭ᠎ᠤᠨ ᠡᠬᠦᠯᠳᠡᠷ᠎ᠤᠨ ᠬᠦᠵᠡᠯᠵᠡᠬᠡᠨ᠎ᠠ᠎ᠳᠤ ᠭᠤᠷᠪᠠ ᠳᠦᠷᠪᠠᠨ ᠳᠦᠷᠤᠯ ᠵᠤᠢ᠍ᠢ᠍ᠯ ᠪᠤᠢ᠃ ᠤᠷᠴᠢᠮ᠎ᠤᠨ ᠬᠡᠳᠤᠨ ᠵᠢᠯ᠎ᠳᠤ ᠮᠠᠨ᠎ᠤ ᠤᠯᠤᠰ ᠭᠠᠳᠠᠭ᠋ᠠᠳᠤ ᠵᠢᠨ ᠡᠬᠦᠯᠳᠡᠷ᠎ᠢ ᠤᠯᠠᠨ ᠤᠷᠤᠭᠤᠯᠪᠠ᠃ ᠠᠳᠠᠯᠢ ᠪᠤᠰᠤ ᠡᠬᠦᠯᠳᠡᠷ᠎ᠤᠨ ᠬᠦᠵᠡᠯᠵᠡᠬᠡᠨ᠎ᠠ ᠵᠢᠨ ᠬᠡᠯᠪᠡᠷᠢ ᠳᠦᠷᠰᠤ᠂ ᠳᠤᠮᠤ ᠵᠢᠵᠢᠭ᠂ ᠦᠨᠤᠷ ᠠᠮᠳᠠ᠎ᠨᠢ ᠴᠤ᠌ ᠠᠳᠠᠯᠢ ᠦᠬᠡᠢ᠃ 《ᠵᠦᠬᠡᠬᠡᠢ᠍ᠢ᠍ᠳᠤ ᠬᠦᠵᠡᠯᠵᠡᠬᠡᠨ᠎ᠠ》᠎ᠨᠢ ᠭ᠋ᠸᠨ ᠰᠢᠯᠵᠢᠬᠦᠯᠵᠤ ᠤᠯᠤᠭᠰᠠᠨ ᠰᠢᠨ᠎ᠠ ᠡᠬᠦᠯᠳᠡᠷ ᠪᠢᠰᠢ᠂ ᠬᠠᠷᠢᠨ ᠶᠠᠫᠤᠨ᠎ᠠᠴᠠ ᠤᠷᠤᠭᠤᠯᠤᠭᠰᠠᠨ ᠡᠬᠦᠯᠳᠡᠷ ᠮᠦᠨ᠃ ᠠᠳᠠᠯᠢ ᠪᠤᠰᠤ ᠡᠬᠦᠯᠳᠡᠷ᠎ᠤᠨ ᠬᠦᠵᠡᠯᠵᠡᠬᠡᠨ᠎ᠠ᠎ᠨᠢ ᠰᠢᠮ᠎ᠠ ᠳᠡᠵᠢᠬᠡᠯ᠎ᠤᠨ ᠳᠠᠯ᠎ᠠ᠎ᠪᠠᠷ ᠤᠨᠴᠠᠭ᠋ᠠᠢ ᠶᠡᠬᠡ ᠵᠦᠷᠢᠶ᠎ᠠ ᠪᠠᠢ᠍ᠢ᠍ᠬᠤ ᠦᠬᠡᠢ᠃
      ᠰᠢᠬᠢᠷᠯᠢᠭ ᠬᠦᠵᠡᠯᠵᠡᠬᠡᠨ᠎ᠠ ᠵᠢ ᠬᠡᠷᠬᠢᠨ ᠰᠤᠡᠭᠭᠤᠬᠤ ᠪᠤᠢ?
      ᠡ᠊ᠡᠭ ᠲᠡᠷᠢᠬᠦᠨ᠎ᠳᠤ᠂ ᠦᠡᠭᠬᠡ ᠵᠢ᠎ᠨᠢ ᠦᠵᠡᠨ᠎ᠠ᠃ ᠦᠡᠭᠬᠡ᠎ᠨᠢ ᠵᠢᠭᠳᠡ᠂ ᠬᠢᠯᠠᠭ᠋ᠠᠷ ᠤᠯᠠᠭ᠋ᠠᠨ ᠦᠡᠭᠬᠡ ᠵᠢᠨ ᠬᠦᠵᠡᠯᠵᠡᠬᠡᠨ᠎ᠠ ᠵᠢᠨ ᠠᠮᠳᠠ᠎ᠨᠢ ᠨᠠᠯᠢᠶᠡᠳ ᠰᠠᠢ᠍ᠢ᠍ᠨ᠂ ᠠᠳᠠᠯᠢ ᠪᠤᠰᠤ ᠡᠬᠦᠯᠳᠡᠷ᠎ᠤᠨ ᠬᠦᠵᠡᠯᠵᠡᠬᠡᠨ᠎ᠠ ᠵᠢᠨ ᠦᠡᠭᠬᠡ᠎ᠨᠢ ᠠᠳᠠᠯᠢ ᠦᠬᠡᠢ ᠪᠠᠢ᠍ᠢ᠍ᠳᠠᠭ᠃ ᠳᠠᠷᠠᠭ᠎ᠠ᠎ᠨᠢ ᠬᠦᠵᠡᠯᠵᠡᠬᠡᠨ᠎ᠠ ᠵᠢᠨ ᠨᠠᠪᠴᠢ ᠪᠤᠯᠤᠨ ᠵᠢᠮᠢᠰ᠎ᠤᠨ ᠪᠠᠷᠢᠭᠤᠯ᠎ᠤᠨ ᠦᠡᠭᠬᠡ ᠵᠢ ᠦᠵᠡᠬᠦ ᠬᠡᠷᠡᠭᠳᠡᠢ᠃ ᠨᠠᠪᠴᠢ ᠪᠤᠯᠤᠨ ᠪᠠᠷᠢᠭᠤᠯ᠎ᠨᠢ ᠨᠤᠭᠤᠭ᠋ᠠᠨ ᠪᠤᠯ ᠬᠦᠵᠡᠯᠵᠡᠬᠡᠨ᠎ᠠ ᠵᠢᠨ ᠰᠢᠨ᠎ᠠ ᠰᠤᠷᠭᠤᠭ᠎ᠢ ᠬᠠᠷᠠᠭᠤᠯᠤᠨ᠎ᠠ᠃ ᠳᠠᠬᠢᠪᠠᠯ᠂ ᠬᠦᠵᠡᠯᠵᠡᠬᠡᠨ᠎ᠠ ᠵᠢᠨ ᠳᠤᠮᠤ ᠪᠠᠭ᠎ᠠ ᠵᠢ ᠦᠵᠡᠬᠦ ᠬᠡᠷᠡᠭᠳᠡᠢ᠃ ᠬᠦᠵᠡᠯᠵᠡᠬᠡᠨ᠎ᠠ ᠵᠢᠨ ᠪᠡᠶ᠎ᠠ᠎ᠨᠢ ᠳᠤᠮᠤ ᠪᠤᠯ ᠠᠮᠳᠠ᠎ᠨᠢ ᠤᠯᠠᠮ ᠰᠠᠢ᠍ᠢ᠍ᠨ ᠬᠡᠰᠡᠨ ᠪᠢᠰᠢ᠂ ᠳᠤᠮᠤ ᠰᠢᠬ ᠬᠦᠵᠡᠯᠵᠡᠬᠡᠨ᠎ᠠ ᠵᠢᠨ ᠠᠮᠳᠠ᠎ᠨᠢ ᠬᠠᠷᠢᠴᠠᠡᠭᠭᠤᠢ ᠰᠤᠯᠠᠪᠳᠤᠷ ᠪᠠᠢ᠍ᠢ᠍ᠳᠠᠭ᠃ ᠪᠦᠳᠤᠨ᠎ᠠ ᠵᠢᠨ ᠦᠨᠳᠡᠬᠡ᠎ᠠᠴᠠ ᠳᠤᠮᠤ ᠰᠢᠬ᠂ ᠤᠯᠠᠭ᠎ᠠ ᠪᠤᠳᠠᠷᠠᠭᠰᠠᠨ ᠦᠡᠭᠬᠡ ᠪᠦᠬᠦᠢ ᠬᠦᠵᠡᠯᠵᠡᠬᠡᠨ᠎ᠠ ᠵᠢᠨ ᠠᠮᠳᠠ᠎ᠨᠢ ᠨᠠᠯᠢᠶᠡᠳ ᠰᠠᠢ᠍ᠢ᠍ᠨ ᠪᠠᠢ᠍ᠢ᠍ᠳᠠᠭ᠃
      ᠬᠦᠵᠡᠯᠵᠡᠬᠡᠨ᠎ᠠ ᠵᠢ ᠠᠯᠢ ᠤᠯᠠᠷᠢᠯ᠎ᠳᠤ ᠢᠳᠡᠪᠡᠯ ᠬᠠᠮᠤᠭ ᠰᠠᠢ᠍ᠢ᠍ᠨ ᠪᠤᠢ? ᠤᠯᠠᠷᠢᠯ᠎ᠤᠨ ᠪᠤᠰᠤ ᠬᠦᠵᠡᠯᠵᠡᠬᠡᠨ᠎ᠠ ᠵᠢ ᠢᠳᠡᠵᠤ ᠪᠤᠯᠤᠨ᠎ᠠ ᠤᠤ?
      ᠬᠦᠯᠡᠮᠵᠢ᠎ᠳᠤ ᠳᠠᠷᠢᠭᠰᠠᠨ ᠤᠯᠠᠷᠢᠯ᠎ᠤᠨ ᠪᠤᠰᠤ ᠬᠦᠵᠡᠯᠵᠡᠬᠡᠨ᠎ᠠ ᠵᠢ ᠰᠠᠨᠠᠭ᠎ᠠ ᠠᠮᠤᠷ ᠢᠳᠡᠵᠤ ᠪᠤᠯᠤᠨ᠎ᠠ᠃ ᠬᠦᠵᠡᠯᠵᠡᠬᠡᠨ᠎ᠠ ᠪᠤᠯ ᠤᠯᠠᠨ ᠨᠠᠰᠤᠳᠤ ᠮᠦᠡᠭᠬᠡ ᠨᠤᠭᠤᠭ᠋ᠠᠨ ᠡᠪᠡᠰᠦᠯᠢᠭ ᠳᠠᠷᠢᠮᠠᠯ᠂ ᠬᠡᠷᠡᠯ᠎ᠤᠨ ᠳᠤᠰᠤᠯᠳᠠ ᠪᠤᠯᠤᠨ ᠤᠰᠤᠨ᠎ᠤ ᠱᠠᠭ᠋ᠠᠷᠳᠠᠯᠭ᠎ᠠ ᠮᠠᠰᠢ ᠦᠨᠳᠤᠷ ᠪᠠᠢ᠍ᠢ᠍ᠳᠠᠭ᠃ ᠬᠦᠵᠡᠯᠵᠡᠬᠡᠨ᠎ᠠ᠎ᠨᠢ ᠳᠠᠷᠢᠬᠤ ᠤᠷᠴᠢᠨ᠎ᠤ ᠳᠤᠯᠠᠭ᠋ᠠᠨ᠎ᠤ ᠬᠡᠮᠵᠢᠶ᠎ᠠ᠂ ᠴᠢᠬᠢᠭ᠎ᠤᠨ ᠬᠡᠮᠵᠢᠶ᠎ᠠ ᠳᠤᠬᠢᠷᠠᠮᠵᠢᠳᠠᠢ᠂ ᠳᠤᠯᠠᠭ᠋ᠠᠨ᠎ᠤ ᠵᠦᠷᠢᠶ᠎ᠠ ᠶᠡᠬᠡ ᠪᠠᠢ᠍ᠢ᠍ᠬᠤ ᠵᠢ ᠱᠠᠭ᠋ᠠᠷᠳᠠᠬᠤ ᠪᠤᠯᠬᠤᠷ ᠬᠦᠯᠡᠮᠵᠢ ᠵᠢᠨ ᠤᠷᠴᠢᠨ ᠳᠤᠭᠤᠷᠢᠨ᠎ᠳᠤ ᠮᠠᠰᠢ ᠳᠤᠬᠢᠷᠠᠨ᠎ᠠ᠂ ᠬᠦᠯᠡᠮᠵᠢ᠎ᠳᠤ ᠳᠠᠷᠢᠭᠰᠠᠨ ᠬᠦᠵᠡᠯᠵᠡᠬᠡᠨ᠎ᠠ ᠵᠢᠨ ᠰᠢᠬᠢᠷ᠎ᠤᠨ ᠠᠭᠤᠯᠤᠭᠳᠠᠴᠠ᠎ᠨᠢ ᠨᠠᠡᠭ ᠦᠨᠳᠤᠷ᠂ ᠠᠮᠳᠠ ᠰᠢᠮᠳᠠ᠎ᠨᠢ ᠨᠠᠡᠭ ᠰᠠᠢ᠍ᠢ᠍ᠨ᠂ ᠶᠠᠰᠤ ᠴᠢᠨᠠᠷ᠎ᠨᠢ ᠴᠤ᠌ ᠵᠠᠳᠠᠭ᠋ᠠᠢ ᠭᠠᠵᠠᠷ ᠳᠠᠷᠢᠭᠰᠠᠨ᠎ᠠᠴᠠ ᠰᠠᠢ᠍ᠢ᠍ᠨ ᠪᠠᠢ᠍ᠢ᠍ᠳᠠᠭ᠃ ᠤᠳᠤᠬᠠᠨ᠎ᠳᠤ᠂ ᠤᠮᠠᠷᠠᠳᠤ ᠤᠷᠤᠨ᠎ᠤ ᠳᠤᠯᠠᠭ᠋ᠠᠨ ᠬᠦᠯᠡᠮᠵᠢ᠎ᠳᠠᠬᠢ ᠬᠦᠵᠡᠯᠵᠡᠬᠡᠨ᠎ᠠ ᠬᠤᠶᠠᠳᠠᠬᠢ ᠤᠳᠠᠭ᠎ᠠ ᠵᠠᠬ᠎ᠠ ᠳᠡᠯᠬᠡᠬᠦᠷ᠎ᠲᠤ ᠭᠠᠷᠴᠤ ᠪᠤᠢ᠂ ᠡᠮᠤᠨᠡᠳᠤ ᠤᠷᠤᠨ᠎ᠤ ᠬᠦᠵᠡᠯᠵᠡᠬᠡᠨ᠎ᠠ ᠳᠡᠬᠦᠵᠤ ᠳᠠᠭᠤᠰᠬᠤ ᠴᠠᠭ᠎ᠲᠠᠭᠠᠨ ᠤᠷᠤᠭ᠋ᠠᠳ ᠪᠤᠢ᠃ ᠵᠠᠳᠠᠭ᠋ᠠᠢ ᠳᠠᠷᠢᠭᠰᠠᠨ ᠬᠦᠵᠡᠯᠵᠡᠬᠡᠨ᠎ᠠ ᠵᠢ 5 ᠰᠠᠷ᠎ᠠ ᠵᠢᠨ ᠳᠤᠮᠳᠠᠴᠢ ᠰᠡᠬᠦᠯᠴᠢ᠎ᠠᠴᠠ ᠡᠬᠢᠯᠡᠵᠤ ᠳᠡᠬᠦᠨ᠎ᠠ᠂ ᠳᠡᠬᠦᠨ᠎ᠤ ᠰᠢᠬᠢᠷᠯᠢᠭ ᠢᠰᠬᠦᠯᠡᠡᠭ ᠦᠨᠤᠷ ᠠᠮᠳᠠ᠎ᠨᠢ ᠨᠠᠡᠭ ᠰᠠᠢ᠍ᠢ᠍ᠨ ᠪᠠᠢ᠍ᠢ᠍ᠳᠠᠭ᠃
      ᠪᠡᠶ᠎ᠠ ᠭᠠᠳᠠᠷ᠎ᠨᠢ ᠳᠤᠮᠤ᠂ ᠵᠡᠷᠡᠮᠳᠡᠭ ᠬᠦᠵᠡᠯᠵᠡᠬᠡᠨ᠎ᠠ᠎ᠳᠤ ᠪᠤᠯᠪᠠᠰᠤᠷᠠᠬᠤ ᠵᠢ ᠳᠦᠷᠬᠡᠳᠬᠡᠬᠦ ᠡᠮ ᠡᠰᠡᠬᠦᠯ᠎ᠠ ᠳᠤᠮᠤᠷᠠᠭᠤᠯᠬᠤ ᠡᠮ ᠵᠡᠬᠦᠯᠡᠯ᠎ᠠ ᠬᠡᠵᠤ ᠵᠠᠷᠢᠮ ᠵᠠᠭᠤᠴᠢᠯᠠᠭᠤᠷ᠎ᠲᠤ ᠮᠡᠳᠡᠬᠡᠯᠡᠵᠤ ᠪᠤᠢ᠂ ᠦᠨᠡᠬᠡᠷ ᠡᠢ᠍ᠢ᠍ᠮᠤ ᠤᠤ?
      ᠦᠨᠡᠨᠳᠡᠬᠡᠨ ᠬᠦᠵᠡᠯᠵᠡᠬᠡᠨ᠎ᠠ᠎ᠳᠤ ᠪᠤᠯᠪᠠᠰᠤᠷᠠᠬᠤ ᠵᠢ ᠳᠦᠷᠬᠡᠳᠬᠡᠬᠦ ᠡᠮ ᠵᠡᠬᠦᠯᠡᠬᠡᠳ ᠦᠷ᠎ᠠ ᠪᠦᠳᠤᠮᠵᠢ ᠪᠠᠢ᠍ᠢ᠍ᠬᠤ ᠦᠬᠡᠢ᠂ ᠨᠢᠬᠡ᠎ᠳᠤ᠂ ᠬᠦᠵᠡᠯᠵᠡᠬᠡᠨ᠎ᠠ ᠵᠢᠨ ᠵᠢᠮᠢᠰᠯᠡᠬᠦ᠎ᠨᠢ ᠳᠦᠷᠬᠡᠨ᠂ ᠦᠰᠤᠯᠳᠠ ᠵᠢᠨ ᠬᠤᠭᠤᠴᠠᠭ᠎ᠠ᠎ᠨᠢ ᠬᠠᠷᠢᠴᠠᠡᠭᠭᠤᠢ ᠪᠤᠭᠤᠨᠢ; ᠬᠤᠶᠠᠷ᠎ᠲᠤ᠂ ᠵᠢᠮᠢᠰ᠎ᠨᠢ ᠵᠢᠵᠢᠭ ᠪᠤᠯᠬᠤᠷ ᠳᠠᠡᠭ ᠵᠶ᠋ᠠᠷ ᠡᠮ ᠰᠦᠷᠴᠢᠬᠦ᠎ᠳᠤ ᠳᠤᠬᠢᠷᠠᠬᠤ ᠦᠬᠡᠢ; ᠭᠤᠷᠪᠠ᠎ᠳᠤ᠂ ᠬᠦᠵᠡᠯᠵᠡᠬᠡᠨ᠎ᠠ ᠵᠢ ᠤᠷᠳᠤ ᠬᠤᠭᠤᠴᠠᠭ᠎ᠠ ᠬᠠᠳᠠᠭ᠋ᠠᠯᠠᠬᠤ᠎ᠳᠤ ᠳᠤᠬᠢᠷᠠᠬᠤ ᠦᠬᠡᠢ᠂ ᠳᠡᠬᠦᠭᠰᠡᠨ᠎ᠤ ᠳᠠᠷᠠᠭ᠎ᠠ ᠬᠠᠳᠠᠭ᠋ᠠᠯᠠᠵᠤ ᠪᠤᠯᠬᠤ ᠬᠤᠭᠤᠴᠠᠭ᠎ᠠ᠎ᠨᠢ ᠮᠠᠰᠢ ᠤᠬᠤᠷ᠂ ᠡᠢ᠍ᠢ᠍ᠮᠤ᠎ᠠᠴᠠ ᠪᠤᠯᠪᠠᠰᠤᠷᠠᠬᠤ ᠵᠢ ᠳᠦᠷᠬᠡᠳᠬᠡᠬᠦ ᠡᠮ ᠵᠡᠬᠦᠯᠡᠬᠦ ᠴᠢᠬᠤᠯᠠ ᠦᠬᠡᠢ᠂ ᠡᠰᠡᠪᠡᠰᠤ ᠳᠡᠬᠡᠬᠡᠪᠤᠷᠢᠯᠡᠬᠦ ᠶᠠᠪᠤᠴᠠ᠎ᠳᠤ ᠠᠮᠠᠷᠬᠠᠨ ᠴᠢᠨᠠᠷ ᠬᠤᠪᠢᠷᠠᠨ᠎ᠠ᠃ ᠵᠠᠷᠢᠮ ᠬᠦᠮᠤᠨ ᠬᠦᠵᠡᠯᠵᠡᠬᠡᠨ᠎ᠠ ᠵᠢ ᠤᠬᠢᠶᠠᠬᠤ ᠦᠶᠡᠰ ᠤᠰᠤ᠎ᠨᠢ ᠤᠯᠠᠭ᠋ᠠᠨ ᠦᠡᠭᠬᠡ᠎ᠲᠠᠢ ᠪᠤᠯᠤᠭᠰᠠᠨ᠎ᠢ ᠤᠯᠵᠤ ᠬᠠᠷᠠᠭ᠋ᠠᠳ ᠪᠤᠯᠪᠠᠰᠤᠷᠠᠬᠤ ᠵᠢ ᠳᠦᠷᠬᠡᠳᠬᠡᠬᠦ ᠡᠮ ᠵᠡᠬᠦᠯᠡᠭᠰᠡᠨ᠎ᠠᠴᠠ ᠪᠤᠯᠤᠯ᠎ᠠ ᠬᠡᠵᠤ ᠠᠨᠳᠠᠭᠤᠷᠠᠳᠠᠭ᠂ ᠡᠨᠡ᠎ᠨᠢ ᠦᠨᠡᠨᠳᠡᠬᠡᠨ ᠬᠦᠵᠡᠯᠵᠡᠬᠡᠨ᠎ᠠ ᠵᠢᠨ ᠳᠤᠰ ᠪᠡᠶ᠎ᠠ᠎ᠳᠤ ᠠᠭᠤᠯᠤᠭᠳᠠᠵᠤ ᠪᠠᠢ᠍ᠢ᠍ᠭ᠎ᠠ ᠪᠠᠢ᠍ᠢ᠍ᠭ᠋ᠠᠯᠢᠯᠢᠭ ᠦᠡᠭᠬᠡᠨ᠎ᠤ ᠡᠳ᠋᠎ᠨᠢ ᠤᠰᠤᠨ᠎ᠳᠤ ᠠᠭᠤᠰᠤᠭᠰᠠᠨ᠎ᠠᠴᠠ ᠪᠤᠯᠵᠠᠢ᠃
      ᠬᠡᠪ᠎ᠤᠨ ᠪᠠᠢ᠍ᠢ᠍ᠳᠠᠯ ᠵᠶ᠋ᠠᠷ ᠦᠰᠦᠭᠰᠡᠨ ᠬᠦᠵᠡᠯᠵᠡᠬᠡᠨ᠎ᠠ ᠡ᠊ᠡᠭ᠎ᠤᠨ ᠪᠠᠢ᠍ᠢ᠍ᠳᠠᠯ ᠳᠤᠤᠷ᠎ᠠ ᠱᠤᠷᠤᠯᠵᠢᠨ ᠬᠡᠯᠪᠡᠷᠢ ᠪᠤᠶᠤ ᠱᠠᠭ᠋ᠠᠨᠳᠠᠭ ᠬᠡᠯᠪᠡᠷᠢ᠎ᠲᠠᠢ᠃ ᠬᠡᠯᠪᠡᠷᠢ᠎ᠨᠢ ᠵᠢᠭᠳᠡ ᠪᠤᠰᠤ᠂ ᠵᠡᠷᠡᠮᠳᠡᠭ ᠬᠡᠯᠪᠡᠷᠢ ᠵᠢᠨ ᠡᠰᠡᠬᠦᠯ᠎ᠠ ᠦᠡᠭᠬᠡ᠎ᠨᠢ ᠵᠢᠭᠳᠡ ᠪᠤᠰᠤ ᠪᠠᠢ᠍ᠢ᠍ᠳᠠᠯ ᠳᠤᠬᠢᠶᠠᠯᠳᠤᠳᠠᠭ᠎ᠨᠢ ᠬᠦᠵᠡᠯᠵᠡᠬᠡᠨ᠎ᠠ ᠵᠢᠨ ᠡᠬᠦᠯᠳᠡᠷ᠂ ᠬᠡᠷᠡᠯ᠎ᠤᠨ ᠳᠤᠰᠤᠯᠳᠠ ᠵᠡᠷᠬᠡ ᠡᠯᠸᠮᠸᠨ᠋ᠲ᠎ᠲᠠᠢ ᠨᠢᠭᠳᠠ ᠬᠠᠷᠢᠴᠠᠭ᠎ᠠ᠎ᠲᠠᠢ᠃ ᠵᠠᠷᠢᠮ ᠬᠦᠵᠡᠯᠵᠡᠬᠡᠨ᠎ᠠ ᠵᠢᠨ ᠬᠠᠭ᠋ᠠᠰ᠎ᠨᠢ ᠤᠯᠠᠭ᠋ᠠᠨ ᠬᠠᠭ᠋ᠠᠰ᠎ᠨᠢ ᠴᠠᠭ᠋ᠠᠨ ᠪᠠᠢ᠍ᠢ᠍ᠳᠠᠭ᠎ᠨᠢ ᠴᠤ᠌ ᠬᠡᠷᠡᠯ᠎ᠤᠨ ᠳᠤᠰᠤᠯᠳᠠ ᠵᠢᠭᠳᠡ ᠪᠤᠰᠤ᠎ᠲᠠᠢ ᠬᠤᠯᠪᠤᠭ᠎ᠠ᠎ᠲᠠᠢ ᠶᠤᠮ᠃
      ᠬᠦᠵᠡᠯᠵᠡᠬᠡᠨ᠎ᠠ ᠵᠢ ᠴᠡᠪᠡᠷᠬᠡᠨ ᠤᠬᠢᠶᠠᠵᠤ ᠳᠠᠢ᠍ᠢ᠍ᠯᠬᠦ ᠦᠬᠡᠢ᠎ᠠᠴᠠ ᠪᠤᠯᠵᠤ ᠳᠠᠷᠢᠶᠠᠨ ᠡᠮ ᠪᠤᠶᠤ ᠦᠯᠡᠳᠡᠭᠳᠡᠯ ᠪᠤᠳᠠᠰ ᠨᠠᠭ᠋ᠠᠯᠳᠤᠬᠤ ᠪᠠᠢ᠍ᠢ᠍ᠳᠠᠯ ᠪᠠᠢ᠍ᠢ᠍ᠨ᠎ᠠ ᠤᠤ?
      ᠤᠯᠠᠡᠭᠬᠢ ᠬᠦᠵᠡᠯᠵᠡᠬᠡᠨ᠎ᠠ ᠨᠠᠯᠢᠶᠡᠳ ᠠᠮᠤᠷ ᠳᠦᠪᠰᠢᠨ ᠪᠠᠢ᠍ᠢ᠍ᠳᠠᠭ᠃ ᠬᠦᠵᠡᠯᠵᠡᠬᠡᠨ᠎ᠠ ᠵᠢᠨ ᠳᠤᠰ ᠪᠡᠶ᠎ᠠ᠎ᠨᠢ ᠵᠢᠮᠢᠰᠯᠡᠬᠦ᠎ᠨᠢ ᠳᠦᠷᠬᠡᠨ᠂ ᠦᠶᠡᠯᠡᠯ᠎ᠨᠢ ᠤᠬᠤᠷ᠂ ᠡᠪᠡᠳᠴᠢᠨ ᠬᠤᠷᠤᠬᠠᠢ ᠵᠢᠨ ᠬᠦᠨᠤᠬᠡᠯ ᠪᠠᠭ᠎ᠠ᠃ ᠰᠢᠨᠡᠳᠬᠡᠨ ᠬᠠᠯᠠᠭᠳᠠᠭᠰᠠᠨ ᠬᠦᠵᠡᠯᠵᠡᠬᠡᠨ᠎ᠠ ᠵᠢᠨ ᠴᠢᠬᠢ ᠵᠢᠨ ᠵᠤᠬᠢᠴᠠᠬᠤ ᠴᠢᠳᠠᠪᠤᠷᠢ ᠨᠡᠯᠢᠶᠡᠳ ᠴᠢᠡᠭᠭ᠎ᠠ᠂ ᠬᠤᠷᠤᠬᠠᠢ ᠵᠢᠨ ᠬᠦᠨᠤᠬᠡᠯ ᠪᠠᠭ᠎ᠠ᠂ ᠦᠨᠳᠤᠰᠤᠨ᠎ᠳᠡᠭᠡᠨ ᠳᠠᠷᠢᠶᠠᠨ ᠡᠮ ᠰᠦᠷᠴᠢᠬᠦ ᠴᠢᠬᠤᠯᠠ ᠦᠬᠡᠢ᠃ ᠡᠬᠦᠨ᠎ᠠᠴᠠ ᠭᠠᠳᠠᠨ᠎ᠠ᠂ ᠬᠦᠯᠡᠮᠵᠢ ᠵᠢᠨ ᠳᠤᠳᠤᠷ᠎ᠠ ᠤᠷᠭᠤᠭᠤᠯᠬᠤ ᠤᠷᠴᠢᠨ ᠨᠦᠬᠦᠴᠡᠯ ᠴᠤ᠌ ᠨᠡᠯᠢᠶᠡᠳ ᠴᠡᠪᠡᠷᠬᠡᠨ᠂ ᠤᠯᠠᠡᠭᠬᠢ᠎ᠳᠠᠭᠠᠨ ᠳᠠᠷᠢᠶᠠᠨ ᠭᠠᠵᠠᠷ᠎ᠲᠠᠭᠠᠨ ᠨᠢᠬᠡ ᠳᠠᠪᠬᠤᠷ ᠰᠦᠯᠢᠶᠤᠤ ᠪᠦᠷᠬᠦᠪᠴᠢ ᠪᠦᠷᠬᠦᠬᠦᠯᠵᠤ᠂ ᠭᠠᠵᠠᠷ ᠳᠤᠳᠤᠷ᠎ᠠ ᠬᠤᠷᠤᠬᠠᠢ᠎ᠲᠠᠢ ᠪᠠᠢ᠍ᠢ᠍ᠭᠰᠠᠨ ᠴᠤ᠌ ᠬᠦᠵᠡᠯᠵᠡᠬᠡᠨ᠎ᠠ ᠵᠢᠨ ᠳᠡᠬᠡᠷ᠎ᠠ ᠭᠠᠷᠴᠤ ᠴᠢᠳᠠᠬᠤ ᠦᠬᠡᠢ᠃ ᠡᠢ᠍ᠢ᠍ᠮᠤ᠎ᠠᠴᠠ ᠬᠡᠷᠡᠭᠯᠡᠭᠴᠢᠳ ᠰᠠᠨᠠᠭ᠎ᠠ ᠠᠮᠤᠷ ᠪᠠᠢ᠍ᠢ᠍ᠭ᠋ᠠᠷᠠᠢ᠃
      ᠬᠦᠵᠡᠯᠵᠡᠬᠡᠨ᠎ᠠ ᠵᠢ ᠤᠬᠢᠶᠠᠬᠤ᠎ᠳᠤ ᠨᠡᠯᠢᠶᠡᠳ ᠬᠦᠴᠢᠷᠳᠠᠢ᠂ ᠰᠢᠯᠳᠠᠭ᠋ᠠᠨ᠎ᠨᠢ ᠳᠡᠬᠦᠨ᠎ᠤ ᠭᠠᠳᠠᠭ᠋ᠠᠳᠤ ᠬᠡᠯᠪᠡᠷᠢ᠎ᠨᠢ ᠠᠷᠵᠠᠭ᠋ᠠᠷ ᠪᠦᠬᠡᠳ ᠬᠠᠯᠢᠰᠤ᠎ᠨᠢ ᠴᠤ᠌ ᠨᠢᠮᠬᠡᠨ᠂ ᠤᠬᠢᠶᠠᠮᠠᠭᠴᠠ ᠬᠠᠯᠢᠰᠤ᠎ᠨᠢ ᠡᠪᠳᠡᠭᠳᠡᠴᠢᠬᠡᠨ᠎ᠠ᠃ ᠡᠢ᠍ᠢ᠍ᠮᠤ᠎ᠠᠴᠠ ᠤᠷᠢᠳᠠᠪᠡᠷ ᠳᠦᠬᠡᠬᠡᠯ ᠤᠰᠤ᠎ᠪᠠᠷ ᠤᠬᠢᠶᠠᠵᠤ᠂ ᠳᠠᠷᠠᠭ᠎ᠠ᠎ᠨᠢ ᠰᠤᠯᠠᠪᠳᠤᠷ ᠳᠠᠪᠤᠰᠤ᠎ᠲᠠᠢ ᠤᠰᠤᠨ᠎ᠳᠤ 2 ~ 3 ᠮᠢᠨᠤᠢ᠍ᠲ ᠳᠡᠪᠳᠤᠬᠡᠵᠤ ᠤᠬᠢᠶᠠᠨ᠎ᠠ᠂ ᠤᠬᠢᠶᠠᠬᠤ᠎ᠳᠠᠭᠠᠨ ᠵᠢᠮᠢᠰ᠎ᠤᠨ ᠴᠦᠡᠭᠬᠦᠷᠦᠭ᠎ᠢ᠎ᠨᠢ ᠦᠯᠡᠳᠡᠬᠡᠬᠦ ᠬᠡᠷᠡᠭᠳᠡᠢ᠂ ᠡᠰᠡᠪᠡᠰᠤ ᠬᠦᠵᠡᠯᠵᠡᠬᠡᠨ᠎ᠠ ᠠᠮᠠᠷᠬᠠᠨ ᠪᠤᠬᠢᠷᠳᠤᠨ᠎ᠠ᠃
      ᠬᠦᠵᠡᠯᠵᠡᠬᠡᠨ᠎ᠠ ᠵᠢ ᠬᠡᠰᠡᠭ ᠬᠤᠭᠤᠴᠠᠭ᠎ᠠ ᠳᠠᠯᠪᠢᠭᠰᠠᠨ᠎ᠤ ᠳᠠᠷᠠᠭ᠎ᠠ᠂ ᠵᠠᠷᠢᠮ ᠬᠡᠰᠡᠭ᠎ᠲᠤᠨᠢ ᠴᠠᠢ᠍ᠢ᠍ᠷᠠᠵᠤ᠂ ᠤᠰᠤᠨ᠎ᠳᠤ ᠳᠡᠪᠳᠤᠬᠡᠭᠰᠡᠨ ᠰᠢᠭ ᠪᠤᠯᠳᠠᠭ᠂ ᠡᠢ᠍ᠢ᠍ᠮᠤ ᠪᠠᠢ᠍ᠢ᠍ᠳᠠᠯ ᠳᠤᠤᠷ᠎ᠠ ᠢᠳᠡᠵᠤ ᠪᠤᠯᠤᠨ᠎ᠠ ᠤᠤ?
      ᠬᠦᠵᠡᠯᠵᠡᠬᠡᠨ᠎ᠠ ᠬᠠᠳᠠᠭ᠋ᠠᠯᠠᠬᠤ᠎ᠳᠤ ᠳᠤᠬᠢᠷᠠᠬᠤ ᠦᠬᠡᠢ᠂ ᠤᠨᠴᠠᠭ᠋ᠠᠢ᠍ᠢ᠍ᠯᠠᠨ ᠤᠬᠢᠶᠠᠵᠤ ᠦᠡᠭᠬᠡᠷᠡᠭᠰᠡᠨ ᠬᠦᠵᠡᠯᠵᠡᠬᠡᠨ᠎ᠠ ᠵᠢ 1 ᠡᠳᠤᠷ᠎ᠠᠴᠠ ᠢᠯᠡᠬᠦᠤ ᠬᠠᠳᠠᠭ᠋ᠠᠯᠠᠵᠤ ᠪᠤᠯᠬᠤ ᠦᠬᠡᠢ᠂ ᠬᠠᠰᠢᠯᠠ ᠰᠢᠨ᠎ᠠ ᠰᠤᠷᠭᠤᠭ ᠵᠶ᠋ᠠᠷ᠎ᠨᠢ ᠢᠳᠡᠪᠡᠯ ᠰᠠᠢ᠍ᠢ᠍ᠨ᠂ ᠴᠠᠢ᠍ᠢ᠍ᠪᠤᠷ ᠦᠡᠭᠬᠡ ᠤᠷᠤᠭᠰᠠᠨ ᠪᠤᠯ ᠯᠠᠪᠳᠠᠢ ᠠᠮᠳᠠ᠎ᠨᠢ ᠴᠤ᠌ ᠬᠤᠪᠢᠷᠠᠭᠰᠠᠨ ᠶᠤᠮ᠂ ᠢᠳᠡᠬᠦ ᠦᠬᠡᠢ ᠪᠤᠯ ᠬᠠᠮᠤᠭ ᠰᠠᠢ᠍ᠢ᠍ᠨ᠂ ᠬᠦᠵᠡᠯᠵᠡᠬᠡᠨ᠎ᠠ ᠵᠢ ᠨᠢᠬᠡ ᠤᠳᠠᠭ᠎ᠠ᠎ᠳᠤ ᠠᠷᠪᠢᠨ ᠠᠪᠴᠤ ᠪᠤᠯᠬᠤ ᠦᠬᠡᠢ᠃
      ᠬᠦᠵᠡᠯᠵᠡᠬᠡᠨ᠎ᠠ ᠵᠢ ᠶᠠᠭ᠋ᠠᠬᠢᠵᠤ ᠬᠠᠳᠠᠭ᠋ᠠᠯᠠᠪᠠᠯ ᠰᠢᠨ᠎ᠠ ᠰᠤᠷᠭᠤᠭ᠎ᠢ᠎ᠨᠢ ᠪᠠᠳᠤᠯᠠᠵᠤ ᠳᠠᠢ᠍ᠢ᠍ᠯᠬᠦ ᠪᠤᠢ?
      ᠬᠦᠵᠡᠯᠵᠡᠬᠡᠨ᠎ᠠ ᠵᠢ ᠰᠢᠨ᠎ᠠ ᠰᠤᠷᠭᠤᠭ ᠵᠶ᠋ᠠᠷ ᠬᠠᠳᠠᠭ᠋ᠠᠯᠠᠬᠤ᠎ᠳᠤ᠂ ᠳᠤᠤᠷ᠎ᠠ ᠳᠤᠯᠠᠭ᠋ᠠᠨ᠎ᠨᠢ ᠬᠦᠵᠡᠯᠵᠡᠬᠡᠨ᠎ᠠ ᠵᠢᠨ ᠢᠯᠵᠢᠷᠡᠬᠦ ᠵᠢ ᠬᠤᠷᠢᠭᠯᠠᠵᠤ ᠳᠠᠢ᠍ᠢ᠍ᠯᠤᠨ᠎ᠠ᠃ ᠮᠡᠷᠬᠡᠵᠢᠯᠳᠡᠳ᠎ᠤᠨ ᠬᠢᠭᠰᠡᠨ ᠳᠦᠷᠰᠢᠯᠳᠠ ᠵᠢᠨ ᠳ᠋ᠤᠢ᠍ᠡᠭ᠎ᠢ ᠦᠨᠳᠤᠰᠤᠯᠠᠪᠠᠯ᠂ ᠬᠦᠵᠡᠯᠵᠡᠬᠡᠨ᠎ᠠ ᠵᠢ ᠳᠡᠬᠦᠭᠰᠡᠨ᠎ᠤ ᠳᠠᠷᠠᠭ᠎ᠠ ᠬᠡᠷ᠎ᠤᠨ ᠳᠤᠯᠠᠭ᠋ᠠᠨ (15 ᠼᠸᠯᠰ᠎ᠤᠨ ᠭ᠋ᠷᠠᠳᠤᠢ᠍ᠰ)᠎ᠠᠴᠠ ᠳᠤᠤᠷ᠎ᠠ ᠪᠠᠢ᠍ᠢ᠍ᠳᠠᠯ᠎ᠳᠤ 36 ᠴᠠᠭ᠎ᠤᠨ ᠳᠤᠳᠤᠷᠠᠬᠢ ᠢᠯᠵᠢᠷᠡᠬᠦ ᠬᠡᠮᠵᠢᠶ᠎ᠠ᠎ᠨᠢ 17%᠂ 1.7 ᠼᠸᠯᠰ᠎ᠤᠨ ᠭ᠋ᠷᠠᠳᠤᠢ᠍ᠰ᠎ᠤᠨ ᠬᠦᠢ᠍ᠳᠡᠨ ᠵᠶ᠋ᠠᠷ ᠬᠠᠳᠠᠭ᠋ᠠᠯᠠᠬᠤ ᠨᠦᠬᠦᠴᠡᠯ ᠳᠤᠤᠷ ᠎ᠠ ᠢᠯᠵᠢᠷᠡᠬᠦ ᠬᠡᠮᠵᠢᠶ᠎ᠠ᠎ᠨᠢ 7.3% ᠪᠠᠢ᠍ᠢ᠍ᠳᠠᠭ᠃ ᠬᠠᠮᠤᠭ ᠰᠠᠢ᠍ᠢ᠍ᠨ᠎ᠨᠢ ᠬᠦᠵᠡᠯᠵᠡᠬᠡᠨ᠎ᠠ᠎ᠪᠠᠨ ᠤᠬᠢᠶᠠᠬᠤ ᠦᠬᠡᠢ᠎ᠪᠠᠷ ᠬᠦᠯᠳᠡᠬᠡᠬᠦᠷ᠎ᠤᠨ ᠳᠤᠳᠤᠷ ᠎ᠠ ᠬᠦᠢ᠍ᠳᠡᠨ ᠵᠶ᠋ᠠᠷ ᠬᠠᠳᠠᠭ᠋ᠠᠯᠠᠭ᠋ᠠᠷᠠᠢ᠂ ᠳᠠᠡᠭ ᠳᠠᠡᠭ ᠵᠶ᠋ᠠᠷ᠎ᠨᠢ ᠳᠡᠯᠬᠡᠵᠤ ᠬᠠᠳᠠᠭ᠋ᠠᠯᠠᠪᠠᠯ ᠬᠦᠵᠡᠯᠵᠡᠬᠡᠨ᠎ᠠ ᠵᠢᠨ ᠰᠤᠷᠭᠤᠭ ᠴᠢᠨᠠᠷ᠎ᠢ ᠪᠠᠳᠤᠯᠠᠬᠤ᠎ᠳᠤ ᠨᠠᠡᠭ ᠰᠠᠢ᠍ᠢ᠍ᠨ᠃
      ᠬᠦᠵᠡᠯᠵᠡᠬᠡᠨ᠎ᠠ ᠵᠢ ᠶᠠᠮᠠᠷᠪᠠ ᠬᠦᠮᠤᠰ ᠢᠳᠡᠬᠦ᠎ᠳᠤ ᠪᠦᠷ ᠳᠤᠬᠢᠷᠠᠨ᠎ᠠ ᠤᠤ?
      ᠬᠦᠵᠡᠯᠵᠡᠬᠡᠨ᠎ᠠ ᠰᠡᠷᠢᠬᠦᠨ ᠴᠢᠨᠠᠷ᠎ᠲᠠᠢ᠂ ᠢᠳᠡᠬᠦ᠎ᠳᠡᠭᠡᠨ ᠬᠡᠮᠵᠢᠶ᠎ᠠ ᠵᠢ᠎ᠨᠢ ᠠᠡᠭᠬᠠᠷᠬᠤ ᠴᠢᠬᠤᠯᠠᠳᠠᠢ᠂ ᠤᠨᠴᠠᠭ᠋ᠠᠢ᠍ᠢ᠍ᠯᠠᠨ ᠬᠤᠳᠤᠭᠤᠳᠤ ᠳᠡᠯᠢᠬᠦᠤ ᠵᠢᠨ ᠡᠪᠡᠳᠴᠢᠨ᠎ᠲᠠᠢ ᠬᠦᠮᠤᠨ᠂ ᠦᠷᠬᠦᠯᠵᠢ ᠴᠢᠴᠠᠭ᠎ᠠ ᠠᠯᠳᠠᠳᠠᠭ ᠬᠦᠮᠤᠨ ᠬᠦᠵᠡᠯᠵᠡᠬᠡᠨ᠎ᠠ ᠵᠢ ᠬᠡᠮᠵᠢᠶ᠎ᠠ᠎ᠲᠠᠢ ᠢᠳᠡᠬᠦ ᠬᠡᠷᠡᠭᠳᠡᠢ᠃ ᠡᠬᠦᠨ᠎ᠠᠴᠠ ᠭᠠᠳᠠᠨ᠎ᠠ᠂ ᠬᠤᠳᠤᠭᠤᠳᠤ ᠬᠡᠳᠡᠰᠤᠨ᠎ᠤ ᠴᠢᠳᠠᠮᠵᠢ᠎ᠨᠢ ᠰᠠᠮᠠᠭᠤᠷᠠᠵᠤ᠂ ᠪᠦᠬᠡᠷ᠎ᠠ ᠵᠢᠨ ᠴᠢᠳᠠᠪᠤᠷᠢ ᠳᠤᠷᠤᠢ ᠬᠦᠮᠤᠰ ᠪᠠᠰᠠ ᠠᠡᠭᠬᠠᠷᠬᠤ ᠴᠢᠬᠤᠯᠠᠳᠠᠢ᠂ ᠤᠴᠢᠷ᠎ᠨᠢ ᠬᠦᠵᠡᠯᠵᠡᠬᠡᠨ᠎ᠠ ᠵᠢᠨ ᠳᠤᠳᠤᠷ᠎ᠠ ᠡᠪᠡᠰᠤᠨ ᠬᠦᠴᠢᠯ ᠡᠯᠪᠡᠭ ᠠᠭᠤᠯᠵᠤ᠂ ᠵᠤᠬᠢᠰ ᠦᠬᠡᠢ ᠡᠳ᠋ᠯᠡᠪᠡᠯ ᠡᠳᠡᠬᠡᠷ ᠡᠪᠡᠳᠴᠢᠳᠡᠳ᠎ᠤᠨ ᠡᠪᠡᠳᠴᠢᠨ᠎ᠤ ᠪᠠᠢ᠍ᠢ᠍ᠳᠠᠯ᠎ᠢ᠎ᠨᠢ ᠬᠦᠨᠳᠤᠷᠡᠬᠦᠯᠵᠤ ᠮᠡᠳᠡᠨ᠎ᠠ᠃

ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠮᠤᠢ᠌ᠯ (ᠮᠤᠨᠤᠰᠤ)
ᠴᠠᠰᠤᠨ ᠴᠡᠴᠡᠭ (ᠴᠦᠰᠦ ᠡᠪᠡᠰᠦ)
ᠰᠢᠷ᠎ᠠ ᠪᠤᠷᠭ᠋ᠠᠰᠤ
ᠡᠯᠡᠰᠦᠨ ᠪᠤᠷᠭ᠋ᠠᠰᠤ
ᠰᠦᠭᠡᠭ᠎ᠤᠨ ᠬᠤᠰᠤ
 
             蒙ICP备05000248号