ᠪᠤᠲᠠᠯᠠᠨ ᠤᠷᠭᠤᠬᠤ ᠪᠤᠲᠠ ᠮᠤᠳᠤ ᠪᠤᠶᠤ ᠳᠤᠮᠳᠠᠰᠠᠭ ᠴᠢᠭᠢᠭᠯᠢᠭ ᠤᠷᠭᠤᠮᠠᠯ᠃ ᠤᠢ ᠵᠢᠨ ᠬᠦᠪᠡᠬᠡᠨ᠎ᠳᠠᠬᠢ ᠨᠠᠮᠤᠭ ᠭᠠᠵᠠᠷ ᠪᠤᠶᠤ ᠤᠰᠤᠷᠬᠠᠭ ᠭᠠᠵᠠᠷ ᠵᠶ᠋ᠠᠷ ᠤᠷᠭᠤᠨ᠎ᠠ᠃ ᠮᠠᠨ᠎ᠤ ᠤᠷᠤᠨ᠎ᠤ ᠬᠢᠩᠭ᠋ᠠᠨ᠎ᠤ ᠬᠤᠢ᠌ᠲᠤ ᠬᠡᠰᠡᠭ᠂ ᠳᠠᠪᠠᠭ᠋ᠠᠨ᠎ᠤ ᠵᠡᠬᠦᠨ ᠲᠤᠭᠤᠷᠢᠭ᠂ ᠤᠯᠠᠭ᠋ᠠᠨᠬᠠᠳᠠ ᠵᠢᠨ ᠲᠤᠪᠤ ᠲᠤᠪᠤᠷᠴᠠᠭ᠂ ᠳᠠᠪᠠᠭ᠋ᠠᠨ᠎ᠤ ᠪᠠᠷᠠᠭᠤᠨ ᠲᠤᠭᠤᠷᠢᠭ᠂ ᠬᠦᠯᠦᠨ ᠪᠤᠢ᠌ᠷ—ᠰᠢᠯᠢ ᠵᠢᠨ ᠭᠤᠤᠯ᠎ᠤᠨ ᠦᠨᠳᠦᠷᠯᠢᠭ᠂ ᠮᠤᠨᠢ ᠠᠭᠤᠯᠠ ᠵᠢᠨ ᠲᠤᠭᠤᠷᠢᠭ ᠵᠶ᠋ᠠᠷ ᠤᠷᠭᠤᠯᠳᠠ᠎ᠲᠠᠢ᠃ ᠮᠠᠨ᠎ᠤ ᠤᠯᠤᠰ᠎ᠤᠨ ᠵᠡᠬᠦᠨ ᠬᠤᠢ᠌ᠲᠤ ᠤᠷᠤᠨ ᠵᠶ᠋ᠠᠷ ᠳᠠᠷᠬᠠᠨ᠂ ᠵᠠᠬᠦᠨ ᠰᠢᠪᠸᠷᠢᠶ᠎ᠠ᠂ ᠠᠯᠤᠰ ᠳᠤᠷᠤᠨᠠᠲᠤ ᠬᠢᠭᠡᠳ ᠰᠤᠯᠤᠩᠭᠤᠰ᠎ᠤᠨ ᠬᠤᠢ᠌ᠲᠤ ᠬᠡᠰᠡᠭ ᠵᠶ᠋ᠡᠷ ᠪᠠᠰᠠ ᠲᠠᠷᠬᠠᠵᠤ ᠪᠠᠢ᠌ᠳᠠᠭ᠃ ᠲᠡᠬᠦᠨ᠎ᠤ ᠴᠡᠴᠡᠭ᠎ᠤᠨ ᠰᠤᠶᠤᠭ᠎ᠠ᠎ᠨᠢ ᠤᠢ ᠵᠢᠨ ᠤᠷᠤᠨ᠎ᠤ 《ᠬᠦᠬᠡ ᠨᠤᠭᠲᠤᠷᠤ》 ᠵᠢᠨ ᠴᠢᠬᠤᠯᠠ ᠢᠳᠡᠰᠢ ᠪᠤᠯᠳᠠᠭ᠃ ᠬᠠᠪᠤᠷ᠎ᠤᠨ ᠤᠯᠠᠷᠢᠯ᠎ᠳᠤ ᠢᠮᠠᠭ᠎ᠠ ᠲᠡᠬᠦᠨ᠎ᠤ ᠵᠦᠭᠡᠯᠡᠨ ᠨᠠᠪᠴᠢ ᠮᠦᠴᠢᠷ᠎ᠢ ᠢᠳᠡᠵᠦ᠂ ᠡᠪᠤᠯ ᠬᠠᠪᠤᠷ᠎ᠤᠨ ᠤᠯᠠᠷᠢᠯ᠎ᠳᠤ ᠲᠡᠬᠦᠨ᠎ᠤ ᠮᠦᠴᠢᠷ᠎ᠨᠢ ᠦᠬᠡᠷ᠎ᠤᠨ ᠢᠳᠡᠰᠢ ᠪᠤᠯᠳᠠᠭ᠃ ᠪᠦᠬᠦ ᠤᠷᠭᠤᠮᠠᠯ᠎ᠨᠢ ᠬᠦᠷᠦᠰᠦ ᠰᠢᠷᠤᠢ ᠵᠢ ᠬᠠᠮᠠᠭ᠋ᠠᠯᠠᠬᠤ ᠰᠢᠯᠢᠳᠡᠭ ᠪᠤᠲᠠ ᠮᠤᠳᠤ ᠪᠤᠯᠤᠨ᠎ᠠ᠃
![]()
《ᠦᠪᠦᠷ ᠮᠤᠩᠭᠤᠯ᠎ᠤᠨ ᠬᠡᠭᠡᠷ᠎ᠡ ᠵᠢᠨ ᠤᠷᠭᠤᠮᠠᠯ᠎ᠤᠨ ᠵᠢᠷᠤᠭᠲᠤ ᠲᠤᠯᠢ》᠎ᠠᠴᠠ ᠬᠠᠭᠤᠯᠠᠪᠤᠷᠢᠯᠠᠪᠠ