ᠤᠯᠠᠨ ᠨᠠᠰᠤᠲᠤ ᠡᠪᠡᠰᠦᠯᠢᠭ ᠭᠠᠩᠰᠠᠭ ᠤᠷᠭᠤᠮᠠᠯ᠃ ᠠᠭᠤᠯᠠᠷᠬᠠᠭ ᠭᠠᠵᠠᠷᠤᠨ ᠪᠡᠯᠴᠢᠭᠡᠷ᠂ ᠨᠤᠭᠤ ᠭᠠᠵᠠᠷ ᠵᠢᠴᠢ ᠡᠯᠡᠰᠦᠷᠬᠡᠭ ᠭᠠᠵᠠᠷ ᠵᠶ᠋ᠠᠷ ᠤᠷᠭᠤᠨ᠎ᠠ᠃ ᠮᠠᠨᠤ ᠤᠷᠤᠨᠤ ᠬᠦᠯᠦᠨ ᠪᠤᠢ᠌ᠷ— ᠰᠢᠯᠢ ᠵᠢᠨ ᠭᠤᠤᠯᠤᠨ ᠦᠨᠳᠦᠷᠯᠢᠭ᠂ ᠤᠯᠠᠭ᠋ᠠᠨᠴᠠᠪ ᠲᠤᠭᠤᠷᠢᠭ᠂ ᠤᠷᠳᠤᠰ ᠲᠤᠭᠤᠷᠢᠭ᠂ ᠮᠤᠨᠢ ᠠᠭᠤᠯᠠ ᠵᠢᠨ ᠲᠤᠭᠤᠷᠢᠭ ᠵᠶ᠋ᠠᠷ ᠤᠷᠭᠤᠯᠳᠠᠲᠠᠢ᠃ ᠮᠠᠨᠤ ᠤᠯᠤᠰᠤᠨ ᠵᠡᠬᠦᠨ ᠬᠤᠢ᠌ᠲᠤ ᠤᠷᠤᠨ᠂ ᠤᠮᠠᠷᠠᠲᠤ ᠤᠷᠤᠨ ᠵᠶ᠋ᠠᠷ ᠲᠠᠷᠬᠠᠵᠤ᠂ ᠰᠤᠯᠤᠩᠭᠤᠰ᠂ ᠮᠤᠩᠭᠤᠯ ᠤᠯᠤᠰ᠂ ᠤᠷᠤᠰᠤᠨ ᠰᠢᠪᠸᠷᠢᠶᠠᠳᠤ ᠪᠠᠰᠠ ᠤᠷᠭᠤᠵᠤ ᠪᠠᠢ᠌ᠳᠠᠭ᠃ ᠲᠤᠮᠳᠠ ᠵᠡᠷᠭᠡ ᠵᠢᠨ ᠲᠡᠵᠢᠭᠡᠯᠲᠤ ᠤᠷᠭᠤᠮᠠᠯ᠃ ᠡᠰᠢ ᠨᠠᠪᠴᠢ ᠵᠢᠨᠢ ᠬᠤᠨᠢ ᠢᠮᠠᠭ᠎ᠠ ᠠᠮᠳᠠᠷᠬᠠᠨ ᠢᠳᠡᠵᠤ᠂ ᠠᠳᠤᠭᠤ ᠲᠡᠮᠡᠭᠡ ᠵᠢᠨ ᠴᠤ᠌ ᠲᠡᠵᠢᠭᠡᠯᠲᠤ ᠢᠳᠡᠰᠢ ᠪᠤᠯᠳᠠᠭ᠃ ᠦᠨᠳᠦᠰᠦᠳᠤᠨᠢ ᠡᠯᠳᠡᠭᠦᠷᠢ ᠴᠠᠪᠠᠤ ᠠᠭᠤᠯᠵᠤ ᠪᠠᠢ᠌ᠳᠠᠭᠠᠴᠠ ᠵᠦᠭᠡᠯᠡᠷᠡᠬᠦᠯᠬᠦ ᠡᠳ᠋ ᠭᠠᠷᠭ᠋ᠠᠨ ᠠᠪᠴᠤ ᠪᠤᠯᠳᠠᠭ᠃ ᠪᠦᠬᠦᠯᠢ ᠡᠪᠡᠰᠦ ᠪᠤᠯᠤᠨ ᠦᠨᠳᠦᠰᠦᠨᠢ ᠴᠦᠮ ᠡᠮᠳᠤ ᠤᠷᠤᠵᠤ᠂ ᠭᠤᠤᠯᠳᠠᠭᠤ ᠪᠦᠳᠦᠬᠦᠨ ᠨᠠᠷᠢᠨ ᠭᠡᠳᠡᠰᠦᠨᠳᠤ ᠬᠠᠯᠠᠭᠤᠨ ᠬᠤᠷᠠᠬᠤ ᠪᠤᠶᠤ ᠬᠠᠯᠠᠭᠤᠨ ᠵᠶ᠋ᠠᠷ ᠭᠡᠳᠡᠰᠦ ᠡᠪᠡᠳᠬᠦ ᠵᠢ ᠵᠠᠰᠠᠳᠠᠭ᠃ ᠦᠨᠳᠦᠰᠦᠨᠢ ᠬᠦᠢ᠍ᠳᠡᠨ ᠬᠡᠢ ᠵᠢ ᠬᠦᠭᠡᠭᠡᠵᠦ ᠬᠤᠳᠤᠭ᠋ᠠᠳᠤ ᠵᠢ ᠵᠠᠰᠠᠵᠤ᠂ ᠭᠤᠤᠯᠳᠠᠭᠤ ᠢᠪᠡᠷᠬᠡᠢ᠂ ᠬᠤᠤᠬᠠᠨᠠᠭ ᠬᠦᠯᠦᠷᠡᠬᠦ ᠵᠢ ᠵᠠᠰᠠᠨ᠎ᠠ᠃
![]()