ᠨᠢᠭᠡ ᠨᠠᠰᠤᠲᠤ ᠡᠪᠡᠰᠦᠯᠢᠭ ᠤᠷᠭᠤᠮᠠᠯ᠃ ᠲᠠᠯ᠎ᠠ ᠨᠤᠳᠤᠭ ᠪᠤᠯᠤᠨ ᠴᠦᠯᠡᠷᠬᠡᠭ ᠤᠷᠤᠨᠤ ᠬᠤᠵᠢᠷᠯᠢᠭ ᠬᠦᠷᠦᠰᠦᠨᠳᠤ ᠪᠦᠭᠡᠮᠨᠡᠷᠡᠨ ᠤᠷᠭᠤᠳᠠᠭ᠂ ᠪᠦᠬᠦ ᠤᠷᠤᠨᠳᠤ ᠲᠠᠷᠬᠠᠵᠤ ᠪᠤᠢ᠃ ᠮᠠᠨᠤ ᠤᠯᠤᠰᠤᠨ ᠵᠡᠬᠦᠨ ᠬᠤᠢ᠌ᠲᠤ ᠤᠷᠤᠨ᠂ ᠤᠮᠠᠷᠠᠲᠤ ᠤᠷᠤᠨ᠂ ᠪᠠᠷᠠᠭᠤᠨ ᠬᠤᠢ᠌ᠲᠤ ᠤᠷᠤᠨ ᠵᠢᠴᠢ ᠤᠷᠤᠰᠤᠨ ᠰᠢᠪᠸᠷᠢᠶ᠎ᠠ᠂ ᠺᠠᠽᠠᠭᠰᠲ᠋ᠠᠨ᠂ ᠮᠤᠩᠭᠤᠯ ᠤᠯᠤᠰ ᠵᠶ᠋ᠠᠷ ᠪᠠᠰᠠ ᠤᠷᠭᠤᠳᠠᠭ᠃ ᠲᠤᠮᠳᠠ ᠵᠡᠷᠭᠡ ᠵᠢᠨ ᠲᠡᠵᠢᠭᠡᠯᠲᠤ ᠤᠷᠭᠤᠮᠠᠯ᠃ ᠨᠠᠮᠤᠷ ᠡᠪᠤᠯᠤᠨ ᠤᠯᠠᠷᠢᠯᠳᠤ ᠲᠡᠮᠡᠭᠡ ᠦᠬᠡᠷ ᠬᠤᠨᠢ ᠠᠮᠳᠠᠷᠬᠠᠨ ᠢᠳᠡᠳᠡᠭ᠃ ᠦᠷ᠎ᠡ ᠵᠢᠮᠢᠰᠨᠢ ᠡᠮᠳᠤ ᠤᠷᠤᠳᠠᠭ᠃
![]()