ᠵᠢᠵᠢᠭ ᠪᠤᠲᠠ ᠮᠤᠳᠤ᠃ ᠲᠠᠯ᠎ᠠ ᠨᠤᠳᠤᠭ ᠪᠤᠶᠤ ᠴᠦᠯᠯᠡᠷᠬᠡᠭ ᠤᠷᠤᠨ᠎ᠤ ᠬᠠᠢ᠌ᠷᠬᠠᠭ ᠪᠤᠶᠤ ᠬᠤᠵᠢᠷᠯᠢᠭ ᠬᠦᠷᠦᠰᠦᠨ᠎ᠳᠤ ᠤᠷᠭᠤᠵᠤ᠂ ᠴᠦᠯᠯᠡᠷᠬᠡᠭ ᠪᠡᠯᠴᠢᠭᠡᠷ᠎ᠤᠨ ᠪᠦᠰᠡᠨ᠎ᠤ ᠪᠦᠯᠦᠭᠯᠡᠯ᠎ᠤᠨ ᠳᠠᠭ᠋ᠠᠯᠳᠤᠬᠤ ᠲᠦᠷᠰᠦ ᠪᠤᠯᠳᠠᠭ᠃ ᠪᠦᠬᠦ ᠤᠷᠤᠨ ᠵᠶ᠋ᠠᠷ ᠤᠷᠭᠤᠨ᠎ᠠ᠃ ᠮᠠᠨ᠎ᠤ ᠤᠯᠤᠰ᠎ᠤᠨ ᠵᠡᠬᠦᠨ ᠬᠤᠢ᠌ᠲᠤ ᠤᠷᠤᠨ᠂ ᠤᠮᠠᠷᠠᠲᠤ ᠤᠷᠤᠨ᠂ ᠪᠠᠷᠠᠭᠤᠨ ᠬᠤᠢ᠌ᠲᠤ ᠤᠷᠤᠨ ᠪᠠ ᠪᠠᠷᠠᠭᠤᠨ ᠡᠮᠦᠨᠡᠲᠤ ᠤᠷᠤᠨ ᠵᠶ᠋ᠠᠷ ᠳᠠᠷᠬᠠᠵᠤ᠂ ᠡᠸᠦ᠋ᠷᠤᠫᠠ ᠠᠽᠢᠶ᠎ᠠ ᠵᠢᠨ ᠬᠤᠢ᠌ᠲᠤ ᠬᠠᠭ᠋ᠠᠰ ᠪᠦᠮᠪᠦᠷᠴᠡᠭ᠎ᠤᠨ ᠨᠤᠳᠤᠭ ᠪᠡᠯᠴᠢᠭᠡᠷ ᠪᠤᠯᠤᠨ ᠴᠦᠯᠯᠡᠷᠬᠡᠭ ᠪᠦᠰᠡ᠎ᠪᠠᠷ ᠪᠠᠰᠠ ᠳᠠᠷᠬᠠᠵᠤ ᠪᠠᠢ᠌ᠳᠠᠭ᠃ ᠰᠢᠯᠢᠳᠡᠭ ᠲᠡᠵᠢᠭᠡᠯᠲᠤ ᠤᠷᠭᠤᠮᠠᠯ᠃ ᠬᠤᠨᠢ ᠢᠮᠠᠭ᠎ᠠ ᠪᠤᠯᠤᠨ ᠲᠡᠮᠡᠭᠡ ᠠᠮᠳᠠᠷᠬᠠᠨ ᠢᠳᠡᠵᠤ᠂ ᠲᠠᠷᠭᠤ ᠠᠪᠤᠭᠤᠯᠬᠤ ᠦᠢ᠍ᠯᠡᠳᠦᠯ᠎ᠲᠠᠢ᠃ ᠲᠠᠯ᠎ᠠ ᠨᠤᠳᠤᠭ ᠪᠤᠯᠤᠨ ᠴᠦᠯᠯᠡᠷᠬᠡᠭ ᠤᠷᠤᠨ᠎ᠳᠤ ᠠᠷᠠᠴᠢᠯᠠᠨ ᠲᠠᠷᠢᠵᠤ ᠨᠤᠳᠤᠭ ᠪᠡᠯᠴᠢᠭᠡᠷ᠎ᠢ ᠰᠠᠢ᠌ᠵᠢᠷᠠᠭᠤᠯᠬᠤ ᠦᠢ᠍ᠯᠡᠳᠦᠯ᠎ᠲᠠᠢ᠃