【ᠦᠭᠡᠷ᠎ᠡ ᠨᠡᠷ᠎ᠡ】 ᠳ᠋ᠸᠩ᠎ᠤᠨ ᠬᠤᠸᠠᠷ
【ᠤᠷᠭᠤᠯᠳᠠ ᠵᠢᠨ ᠣᠷᠣᠨ 】 ᠠᠭᠤᠯᠠ ᠵᠢᠨ ᠬᠠᠵᠠᠭᠣ ᠭᠤᠤ ᠵᠢᠯᠠᠭ᠎ᠠ᠂ ᠭᠤᠷᠤᠬ᠎ᠠ ᠵᠢᠨ ᠬᠦᠪᠡᠭᠡ᠂ ᠴᠢᠭᠢᠭᠲᠡᠢ ᠨᠤᠭᠤ ᠭᠠᠵᠠᠷ᠂ ᠣᠢ ᠮᠣᠳᠣᠨ᠎ᠤ ᠳᠣᠳᠣᠷ᠎ᠠ ᠣᠷᠭᠣᠨ᠎ᠠ᠃ ᠵᠡᠭᠦᠨ ᠦᠵᠦᠮᠦᠴᠢᠨ᠎ᠤ ᠪᠤᠭᠲᠠ ᠠᠭᠤᠯᠠ᠂ ᠪᠠᠷᠠᠭᠣᠨ ᠦᠵᠦᠮᠦᠴᠢᠨ᠎ᠤ ᠪᠤᠯᠠᠭ ᠬᠠᠨ ᠪᠠ ᠬᠠᠷᠭ᠋ᠠᠨᠳᠠᠢ ᠬᠠᠨ᠂ ᠣᠯᠠᠭ᠋ᠠᠨᠬᠠᠳᠠ ᠵᠢᠨ ᠬᠡᠰᠢᠭᠲᠡᠨ ᠬᠠᠨ ᠠᠭᠤᠯᠠ᠎ᠪᠠᠷ ᠠᠷᠪᠢᠨ ᠣᠷᠭᠣᠳᠠᠭ᠃
【ᠪᠤᠯᠪᠠᠰᠤᠷᠠᠬᠤ ᠬᠤᠭᠤᠴᠠᠭ᠎ᠠ ᠵᠢᠴᠢ ᠬᠡᠷᠡᠭᠯᠡᠭᠡᠨ᠎ᠤ ᠴᠢᠳᠠᠮᠵᠢ】 ᠵᠣᠨ᠎ᠤ ᠣᠯᠠᠷᠢᠯ᠎ᠳᠤ ᠪᠦᠬᠦᠯᠢ ᠡᠪᠡᠰᠦ ᠵᠢ᠎ᠨᠢ ᠠᠷᠢᠯᠭ᠋ᠠᠨ ᠬᠠᠲᠠᠭ᠋ᠠᠵᠣ ᠬᠡᠷᠡᠭᠯᠡᠨ᠎ᠡ᠂ ᠨᠠᠮᠤᠷ᠎ᠤᠨ ᠣᠯᠠᠷᠢᠯ᠎ᠳᠤ᠂ ᠦᠨᠳᠦᠰᠦ ᠵᠢ ᠮᠠᠯᠲᠠᠵᠣ ᠠᠷᠢᠯᠭ᠋ᠠᠨ ᠬᠠᠲᠠᠭ᠋ᠠᠵᠣ ᠬᠡᠷᠡᠭᠯᠡᠨ᠎ᠡ᠃
【ᠠᠮᠲᠠ᠂ ᠴᠢᠨᠠᠷ᠂ ᠴᠢᠳᠠᠯ】 ᠭᠠᠰᠢᠭᠣᠨ ᠠᠮᠲᠠᠲᠠᠢ᠂ ᠲᠡᠭᠰᠢ ᠴᠢᠨᠠᠷᠲᠠᠢ᠃ ᠬᠠᠨᠢᠶᠠᠲᠣ ᠵᠢ ᠵᠣᠭᠰᠣᠭ᠋ᠠᠬᠣ᠂ ᠴᠠᠷᠢ ᠬᠣᠪᠬᠣᠯᠣᠨ ᠲᠠᠢ᠌ᠳᠬᠣᠷᠠᠭᠣᠯᠬᠣ᠂ ᠴᠢᠰᠦ ᠵᠢ ᠵᠣᠭᠰᠣᠭ᠋ᠠᠨ᠎ᠠ᠃
ᠢᠷᠡᠯᠲᠡ᠄ 《ᠦᠪᠦᠷ ᠮᠣᠩᠭᠣᠯ᠎ᠤᠨ ᠣᠷᠭᠣᠮᠠᠯ᠎ᠤᠨ ᠣᠢ᠌ᠯᠠᠯᠭ᠎ᠠ》 ( ᠭᠤᠷᠪᠠᠳᠣᠭ᠋ᠠᠷ ᠪᠣᠳᠢ) (P128)