ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠡᠪᠡᠰᠦ ᠤᠷᠭᠤᠮᠠᠯ
ᠤᠯᠠᠭ᠋ᠠᠨ ᠪᠤᠷᠴᠠ ᠡᠪᠡᠰᠦ
ᠨᠡᠶ᠋ᠢᠲᠡᠯᠡᠭᠰᠡᠨ ᠴᠠᠭ᠄ 2023-04-20

      ᠤᠯᠠᠨ ᠨᠠᠰᠤᠲᠤ ᠡᠪᠡᠰᠦᠯᠢᠭ ᠭᠠᠩᠰᠠᠭ ᠤᠷᠭᠤᠮᠠᠯ᠃ ᠲᠠᠯ᠎ᠠ ᠨᠤᠲᠤᠭ᠎ᠤᠨ ᠪᠦᠯᠦᠭᠯᠡᠯ᠎ᠤᠨ ᠵᠤᠩᠬᠢᠯᠠᠬᠤ ᠬᠤᠯᠢᠮᠠᠭ ᠡᠪᠡᠰᠦ᠃ ᠨᠤᠭᠤ ᠪᠡᠯᠴᠢᠭᠡᠷ᠂ ᠠᠭᠤᠯᠠᠷᠬᠠᠭ ᠭᠠᠵᠠᠷ᠎ᠤᠨ ᠪᠤᠲᠠ ᠰᠦᠬᠡᠭ ᠵᠢᠴᠢ ᠡᠯᠡᠰᠦᠷᠬᠡᠭ ᠭᠠᠵᠠᠷ᠎ᠤᠨ ᠤᠷᠭᠤᠮᠠᠯ᠎ᠤᠨ ᠬᠤᠴᠢᠯᠭ᠎ᠠ᠎ᠳᠤ ᠬᠡᠵᠢᠶᠡᠳᠡ ᠳᠠᠭ᠋ᠠᠯᠳᠤᠬᠤ ᠳᠦᠷᠰᠦ᠎ᠨᠢ ᠪᠤᠯᠳᠠᠭ᠃ ᠲᠠᠯ᠎ᠠ ᠨᠤᠳᠤᠭ᠂ ᠳᠤᠪᠤ ᠳᠤᠪᠤᠷᠴᠠᠭ᠂ ᠭᠦᠳᠦᠯ ᠭᠠᠵᠠᠷ᠂ ᠲᠤᠭᠲᠠᠪᠤᠷᠢᠵᠢᠭᠰᠠᠨ ᠡᠯᠡᠰᠦᠨ ᠳᠤᠪᠤ᠎ᠪᠠᠷ ᠤᠷᠭᠤᠳᠠᠭ᠃ ᠮᠠᠨ᠎ᠤ ᠣᠷᠤᠨ᠎ᠤ ᠬᠢᠩᠭ᠋ᠠᠨ᠎ᠤ ᠬᠤᠢ᠌ᠲᠤ ᠬᠡᠰᠡᠭ᠂ ᠬᠢᠩᠭ᠋ᠠᠨ᠎ᠤ ᠡᠮᠦᠨᠡᠳᠦ ᠬᠡᠰᠡᠭ᠂ ᠳᠠᠪᠠᠭ᠋ᠠᠨ᠎ᠤ ᠵᠡᠭᠦᠨ ᠲᠤᠭᠤᠷᠢᠭ᠂ ᠳᠠᠪᠠᠭ᠋ᠠᠨ᠎ᠤ ᠪᠠᠷᠠᠭᠤᠨ ᠲ᠋ᠤᠭᠤᠷᠢᠭ᠂ ᠯᠢᠶᠣᠤ ᠾᠧ ᠭᠤᠤᠯ᠎ᠤᠨ ᠲᠠᠯ᠎ᠠ ᠭᠠᠵᠠᠷ᠂ ᠭᠦᠯᠦᠨ ᠪᠤᠢ᠌ᠷ— ᠰᠢᠯᠢ ᠵᠢᠨ ᠭᠤᠤᠯ᠎ᠤᠨ ᠦᠨᠳᠦᠷᠯᠢᠭ᠂ ᠤᠯᠠᠭ᠋ᠠᠨᠴᠠᠪ ᠲᠤᠭᠤᠷᠢᠭ᠎ᠤᠨ ᠡᠮᠦᠨᠡᠲᠦ ᠬᠠᠭ᠋ᠠᠰ ᠬᠡᠰᠡᠭ᠃ ᠮᠤᠨᠢ ᠠᠭᠤᠯᠠ ᠵᠢᠨ ᠲᠤᠭᠤᠷᠢᠭ ᠵᠶ᠋ᠠᠷ ᠤᠷᠭᠤᠯᠲᠠ᠎ᠲᠠᠢ᠃ ᠮᠠᠨ᠎ᠤ ᠤᠷᠤᠨ᠎ᠤ ᠵᠡᠭᠦᠨ ᠬᠤᠢ᠌ᠲᠤ ᠤᠷᠤᠨ᠂ ᠤᠮᠠᠷᠠᠲᠦ ᠤᠷᠤᠨ᠂ ᠪᠠᠷᠠᠭᠤᠨ ᠬᠤᠢ᠌ᠲᠤ ᠤᠷᠤᠨ᠂ ᠳᠤᠷᠤᠨᠠᠳᠤ ᠤᠷᠤᠨ᠂ ᠳᠤᠮᠳᠠᠲᠤ ᠤᠷᠤᠨ ᠵᠶ᠋ᠠᠷ ᠲᠠᠷᠬᠠᠨ᠂ ᠮᠤᠩᠭᠤᠯ ᠤᠯᠤᠰ᠂ ᠰᠤᠯᠤᠩᠭᠤᠰ᠂ ᠤᠷᠤᠰ᠎ᠤᠨ ᠰᠢᠪᠧᠷᠢᠶ᠎ᠠ ᠪᠤᠯᠤᠨ ᠠᠯᠤᠰ ᠳᠤᠷᠦᠨᠠᠲᠤ ᠵᠢᠨ ᠭᠠᠵᠠᠷ ᠤᠷᠤᠨ ᠵᠶ᠋ᠠᠷ ᠪᠠᠰᠠ ᠲᠠᠷᠬᠠᠵᠤ ᠪᠠᠢ᠌ᠳᠠᠭ᠃ ᠰᠢᠨ᠎ᠡ ᠰᠤᠷᠭᠤᠭ ᠦᠶ᠎ᠠ᠎ᠳᠤᠨᠢ ᠡᠯ᠎ᠠ ᠲᠦᠷᠦᠯ᠎ᠤᠨ ᠮᠠᠯ ᠲᠡᠵᠢᠬᠡᠪᠦᠷᠢ ᠪᠦᠷ ᠲᠤᠩ ᠳᠤᠷᠠᠳᠠᠢ ᠢᠳᠡᠳᠡᠭ᠂ ᠬᠠᠳᠠᠬᠤ᠎ᠠᠴᠠ᠎ᠨᠢ ᠡᠮᠦᠨ᠎ᠡ ᠡᠯ᠎ᠡ ᠲᠦᠷᠦᠯ᠎ᠤᠨ ᠮᠠᠯ ᠲᠡᠵᠢᠬᠡᠪᠦᠷᠢ ᠪᠠᠰᠠ ᠳᠤᠷᠠᠲᠠᠢ ᠢᠳᠡᠳᠡᠭ᠃ ᠦᠨᠳᠦᠰᠦ ᠵᠢᠴᠢ ᠦᠨᠳᠦᠰᠦᠨ ᠡᠰᠢ᠎ᠨᠢ ᠡᠮ᠎ᠳᠤ ᠤᠷᠦᠵᠤ᠂ ᠭᠤᠤᠯᠳᠠᠭᠤ ᠲᠠᠭᠰᠢᠭᠤᠷ᠂ ᠡᠯ᠎ᠡ ᠵᠦᠢ᠍ᠯ᠎ᠤᠨ ᠦᠷᠪᠢᠰᠤᠯ᠂ ᠰᠠᠷ᠎ᠠ ᠵᠢᠨ ᠭ᠋ᠬᠢᠷ ᠲᠡᠭᠰᠢ ᠦᠭᠡᠢ᠂ ᠰᠠᠪᠠ ᠤᠨᠵᠢᠢ᠍ᠬᠤ᠂ ᠴᠠᠭ᠋ᠠᠨ ᠮᠢᠬ᠎ᠠ ᠤᠷᠪᠠᠬᠤ ᠵᠡᠷᠭᠡ ᠵᠢ ᠵᠠᠰᠠᠨ᠎ᠠ᠃ ᠦᠨᠳᠦᠰᠦ ᠪᠤᠯᠤᠨ ᠦᠨᠳᠦᠰᠦᠨ ᠡᠰᠢ᠎ᠨᠢ ᠮᠤᠩᠭᠤᠯ ᠡᠮ᠎ᠤᠨ ᠨᠠᠢ᠌ᠷᠠᠯᠭ᠎ᠠ᠎ᠪᠠᠷ ᠪᠠᠰᠠ ᠠᠭᠤᠰᠭᠢᠨ ᠬᠠᠯᠠᠭᠤᠨ ᠵᠶ᠋ᠠᠷ ᠬᠠᠨᠢᠶᠠᠬᠤ᠂ ᠤᠳᠠᠭ᠋ᠠᠨ ᠴᠢᠨᠠᠷᠲᠠᠢ ᠮᠦᠬᠡᠷᠰᠦᠨ ᠬᠤᠭᠤᠯᠠᠢ ᠵᠢᠨ ᠦᠷᠪᠢᠰᠤᠯ ᠵᠡᠷᠭᠡ ᠵᠢ ᠵᠠᠰᠠᠨ᠎ᠠ᠃


95107716fdfaaf5158952ac68f5494eef01f7a65.jpg

ᠢᠷᠡᠯᠲᠡ᠄ ᠦᠪᠦᠷ ᠮᠤᠩᠭᠤᠯ᠎ᠤᠨ ᠬᠡᠭᠡᠷ᠎ᠡ ᠵᠢᠨ ᠤᠷᠭᠤᠮᠠᠯ᠎ᠤᠨ ᠵᠢᠷᠤᠭᠲᠤ ᠲᠤᠯᠠᠢ
          
ᠬᠠᠮᠢᠶ᠎ᠡ ᠪᠦᠬᠦᠢ ᠰᠣᠨᠢᠨ
ᠲᠡᠨᠡᠭ ᠡᠪᠡᠰᠦ(ᠬᠠᠷ᠎ᠠ ᠯᠠᠨᠳᠠᠨᠵᠠ)
ᠬᠤᠨᠢᠨ ᠵᠠᠵᠢᠯᠤᠰᠢ (ᠬᠤᠨᠢᠨ ᠵᠠᠵᠢᠯᠤᠭᠤᠷ)
ᠲᠠᠷᠪᠭ᠋ᠠᠨ ᠰᠢᠬᠢᠷ᠎ᠡ
ᠳᠡᠪᠡᠶ᠎ᠡ (ᠴᠢᠬᠢᠷᠰᠦ ᠡᠪᠡᠰᠦ)
ᠱᠤᠪᠤᠭᠤᠷ ᠲᠡᠮᠡᠭᠡᠨ ᠬᠡᠯᠡ
 
             蒙ICP备05000248号