ᠲᠤᠮᠳᠠᠰᠠᠭ ᠵᠢᠵᠢᠭ ᠲᠤᠷᠤᠭ ᠮᠤᠳᠤ᠃ ᠴᠢᠬᠢᠭᠯᠢᠭ᠎ᠲᠤ ᠳᠤᠷᠠᠲᠠᠢ᠂ ᠰᠡᠭᠦᠲᠡᠷ᠎ᠲᠤ ᠲᠡᠰᠪᠦᠷᠢᠲᠠᠢ᠂ ᠦᠷᠭᠦᠯᠵᠢ ᠭᠤᠤᠯ ᠭᠤᠷᠤᠬ᠎ᠠ ᠵᠢᠨ ᠬᠣᠶᠠᠷ ᠡᠷᠬᠢ᠂ ᠠᠭᠤᠯᠠ ᠵᠢᠨ ᠬᠤᠷᠮᠣᠢ᠂ ᠲᠤᠨᠤᠮᠠᠯ ᠭᠠᠵᠠᠷ ᠵᠢᠴᠢ ᠡᠯᠡᠰᠦᠷᠬᠡᠭ ᠭᠠᠵᠠᠷ ᠵᠶ᠋ᠠᠷ ᠤᠷᠭᠤᠳᠠᠭ᠃ ᠨᠠᠪᠴᠢ ᠵᠤᠯᠭ᠋ᠠᠷᠠᠬᠤ ᠦᠷᠭᠡᠨ ᠨᠠᠪᠴᠢᠲᠦ ᠣᠢ ᠵᠢᠨ ᠪᠦᠰᠡᠨ᠎ᠳᠠᠬᠢ ᠭᠤᠤᠯ᠎ᠤᠨ ᠡᠷᠬᠢ ᠵᠢᠨ ᠬᠤᠯᠢᠮᠠᠭ ᠪᠣᠲᠠᠲᠠᠢ ᠭᠠᠵᠠᠷ᠎ᠤᠨ ᠵᠣᠩᠬᠢᠯᠠᠬᠤ ᠲᠦᠷᠰᠦ᠎ᠨᠢ ᠪᠤᠯᠳᠠᠭ᠂ ᠪᠠᠰᠠ ᠲᠠᠯ᠎ᠠ ᠨᠤᠲᠤᠭ᠎ᠤᠨ ᠪᠦᠰᠡᠨ᠎ᠤ ᠡᠯᠡᠰᠦᠷᠬᠡᠭ ᠭᠠᠵᠠᠷ᠎ᠤᠨ ᠪᠤᠲᠠ ᠰᠦᠬᠡᠭ ᠵᠶ᠋ᠡᠷ ᠦᠷᠭᠦᠯᠵᠢ ᠬᠠᠷᠠᠭᠳᠠᠳᠠᠭ᠃ ᠮᠠᠨ᠎ᠤ ᠤᠷᠤᠨ᠎ᠤ ᠬᠢᠩᠭ᠋ᠠᠨ᠎ᠤ ᠬᠤᠢ᠌ᠲᠤ ᠬᠡᠰᠡᠭ᠂ ᠬᠢᠩᠭ᠋ᠠᠨ᠎ᠤ ᠡᠮᠦᠨᠡᠲᠦ ᠬᠡᠰᠡᠭ᠂ ᠳᠠᠪᠠᠭ᠋ᠠᠨ᠎ᠤ ᠪᠠᠷᠠᠭᠤᠨ ᠲᠤᠭᠤᠷᠢᠭ᠂ ᠯᠢᠶᠣᠤ ᠾᠧ ᠭᠣᠣᠯ᠎ᠤᠨ ᠲᠠᠯ᠎ᠠ ᠭᠠᠵᠠᠷ᠂ ᠬᠦᠯᠦᠨ ᠪᠣᠢ᠌ᠷ— ᠰᠢᠯᠢ ᠵᠢᠨ ᠭᠣᠣᠯ᠎ᠤᠨ ᠦᠨᠳᠦᠷᠯᠢᠭ᠎ᠤᠨ ᠵᠡᠭᠦᠨ ᠭᠡᠰᠡᠭ ᠪᠣᠯᠤᠨ ᠡᠮᠦᠨᠡᠲᠦ ᠬᠡᠰᠡᠭ᠂ ᠤᠯᠠᠭ᠋ᠠᠨᠴᠠᠪ ᠲᠣᠭᠤᠷᠢᠭ᠎ᠤᠨ ᠡᠮᠦᠨᠡᠲᠦ ᠬᠡᠰᠡᠭ ᠤᠨ ᠠᠭᠤᠯᠠᠷᠬᠠᠭ ᠭᠠᠵᠠᠷ᠂ ᠮᠤᠨᠢ ᠠᠭᠤᠯᠠ᠎ᠪᠠᠷ ᠤᠷᠭᠤᠯᠲᠠ᠎ᠲᠠᠢ᠃ ᠮᠠᠨ᠎ᠤ ᠤᠯᠤᠰ᠎ᠤᠨ ᠵᠡᠭᠦᠨ ᠬᠣᠢ᠌ᠲᠤ ᠤᠷᠤᠨ᠂ ᠤᠮᠠᠷᠠᠲᠤ ᠣᠷᠣᠨ ᠵᠶ᠋ᠠᠷ ᠲᠠᠷᠬᠠᠨ᠂ ᠰᠣᠯᠤᠩᠭᠤᠰ᠂ ᠮᠣᠩᠭᠤᠯ ᠤᠯᠤᠰ᠎ᠤᠨ ᠵᠡᠭᠦᠨ ᠬᠡᠰᠡᠭ᠂ ᠤᠷᠤᠰ᠎ᠤᠨ ᠰᠢᠪᠧᠷᠢᠶ᠎ᠠ ᠪᠤᠯᠤᠨ ᠠᠯᠤᠰ ᠳᠣᠷᠣᠨᠠᠲᠤ᠎ᠪᠠᠷ ᠪᠠᠰᠠ ᠲᠠᠷᠬᠠᠵᠤ ᠪᠠᠢ᠌ᠳᠠᠭ᠃ ᠦᠷ᠎ᠡ᠎ᠠᠴᠠ᠎ᠨᠢ ᠲᠤᠰᠤ ᠰᠢᠬᠠᠵᠤ᠂ ᠠᠵᠤ ᠦᠢ᠍ᠯᠡᠳᠪᠦᠷᠢ ᠪᠤᠯᠤᠨ ᠰᠠᠪᠤᠩ ᠬᠢᠭᠦ᠎ᠳᠤ ᠬᠡᠷᠡᠭᠯᠡᠵᠦ ᠪᠤᠯᠤᠨ᠎ᠠ᠂ ᠵᠢᠮᠢᠰ᠎ᠢ᠎ᠨᠢ ᠲᠦᠭᠦᠬᠡᠢ᠎ᠪᠠᠷ ᠢᠳᠡᠵᠦ ᠪᠤᠯᠳᠠᠭ᠂ ᠮᠣᠳᠤᠨ ᠮᠠᠲᠸᠷᠢᠶᠠᠯ᠎ᠢ᠎ᠨᠢ ᠪᠠᠷᠢᠯᠭ᠎ᠠ᠂ ᠭᠡᠷ᠎ᠤᠨ ᠡᠳ᠋ᠯᠡᠯ ᠬᠡᠷᠡᠭᠰᠡᠯ ᠵᠡᠷᠭᠡ᠎ᠳᠤ ᠬᠡᠷᠡᠭᠯᠡᠵᠦ ᠪᠤᠯᠤᠨ᠎ᠠ᠃ ᠮᠤᠳᠤᠨ᠎ᠤ ᠬᠠᠯᠢᠰᠤᠠᠴᠠᠨᠢ ᠡᠯᠳᠡᠭᠦᠷᠢ ᠵᠢᠨ ᠴᠠᠪᠠᠤ ᠭᠠᠷᠭ᠋ᠠᠨ ᠠᠪᠬᠤ ᠪᠤᠶᠤ ᠪᠠᠰᠠ ᠪᠣᠳᠤᠭ ᠬᠢᠵᠦ ᠪᠤᠯᠤᠨ᠎ᠠ᠃
