ᠣᠯᠠᠨ ᠨᠠᠰᠤᠲᠤ ᠡᠪᠡᠰᠦᠯᠢᠭ ᠴᠢᠬᠢᠭᠯᠢᠭ ᠳᠤᠮᠳᠠᠰᠠᠭ ᠤᠷᠭᠤᠮᠠᠯ᠃ ᠣᠯᠠᠩᠬᠢ᠎ᠳᠠᠭᠠᠨ ᠵᠡᠭᠦᠨ ᠬᠤᠢ᠌ᠲᠤ ᠤᠷᠤᠨ ᠪᠤᠯᠤᠨ ᠲᠠᠯ᠎ᠠ ᠨᠤᠲᠤᠭ᠎ᠤᠨ ᠪᠦᠰᠡᠨ᠎ᠳᠠᠬᠢ ᠠᠭᠤᠯᠠᠷᠬᠠᠭ ᠭᠠᠵᠠᠷ᠂ ᠨᠠᠮᠤᠭᠵᠢᠭᠰᠠᠨ ᠨᠤᠭᠤ ᠳᠤᠮᠳᠠ ᠲᠠᠷᠠᠬᠠᠢ ᠤᠷᠭᠤᠳᠠᠭ᠃ ᠮᠠᠨ᠎ᠤ ᠤᠷᠤᠨ᠎ᠤ ᠬᠢᠩᠭ᠋ᠠᠨ᠎ᠤ ᠬᠤᠢ᠌ᠲᠤ ᠬᠡᠰᠡᠭ᠂ ᠬᠢᠩᠭ᠋ᠠᠨ᠎ᠤ ᠡᠮᠦᠨᠡᠲᠦ ᠬᠡᠰᠡᠭ᠂ ᠯᠢᠶᠣᠤ ᠾᠧ ᠭᠣᠣᠯ᠎ᠤᠨ ᠲᠠᠯ᠎ᠠ ᠭᠠᠵᠠᠷ᠂ ᠳᠠᠪᠠᠭ᠋ᠠᠨ᠎ᠤ ᠪᠠᠷᠠᠭᠤᠨ ᠲᠣᠭᠤᠷᠢᠭ᠂ ᠶᠠᠨᠱ᠌ᠠᠨ ᠠᠭᠤᠯᠠᠨ᠎ᠤ ᠬᠣᠢ᠌ᠲᠤ ᠬᠡᠰᠡᠭ᠂ ᠭᠦᠯᠦᠨ ᠪᠣᠢ᠌ᠷ— ᠰᠢᠯᠢ ᠵᠢᠨ ᠭᠣᠣᠯ᠎ᠤᠨ ᠦᠨᠳᠦᠷᠯᠢᠭ᠂ ᠮᠣᠨᠢ ᠠᠭᠤᠯᠠ ᠵᠢᠨ ᠲᠣᠭᠤᠷᠢᠭ᠂ ᠤᠷᠳᠤᠰ ᠲᠣᠭᠤᠷᠢᠭ ᠵᠶ᠋ᠠᠷ ᠤᠷᠭᠤᠯᠲᠠ᠎ᠲᠠᠢ᠃ ᠡᠸᠦ᠋ᠷᠣᠫᠠ᠂ ᠠᠽᠢᠶ᠎ᠠ᠂ ᠤᠮᠠᠷᠠᠲᠤ ᠠᠮᠧᠷᠢᠺᠠ ᠵᠢᠨ ᠰᠡᠷᠢᠭᠦᠨ ᠪᠦᠰᠡ ᠵᠢᠴᠢ ᠳᠡᠳ᠋ ᠰᠡᠷᠢᠭᠦᠨ ᠪᠦᠰᠡᠨ᠎ᠤ ᠤᠷᠤᠨ ᠵᠶ᠋ᠠᠷ ᠪᠠᠰᠠ ᠲᠠᠷᠬᠠᠵᠤ ᠪᠠᠢ᠌ᠳᠠᠭ᠃ ᠪᠦᠬᠦᠯᠢ ᠡᠪᠡᠰᠦ᠎ᠨᠢ ᠡᠮ᠎ᠳᠤ ᠣᠷᠣᠵᠤ᠂ ᠭᠣᠣᠯᠳᠠᠭᠤ ᠪᠠᠺᠲ᠋ᠧᠷᠢᠲᠤ ᠶᠣᠯᠬᠤᠳᠠᠰᠤ᠂ ᠬᠣᠭᠤᠯᠠᠢ ᠵᠢᠨ ᠦᠷᠪᠢᠰᠦᠯ᠂ ᠬᠠᠨᠢᠶᠠᠳᠤ ᠵᠡᠷᠭᠡ ᠵᠢ ᠵᠠᠰᠠᠨ᠎ᠠ᠃ ᠡᠭᠦᠨ᠎ᠠᠴᠠ ᠭᠠᠳᠠᠨ᠎ᠠ ᠪᠠᠰᠠ ᠵᠦᠭᠡᠢ ᠲᠡᠵᠢᠭᠡᠭᠦ᠂ ᠦᠵᠡᠮᠦᠷᠢ ᠵᠢᠨ ᠤᠷᠭᠤᠮᠠᠯ ᠪᠤᠯᠭ᠋ᠠᠵᠤ ᠪᠤᠯᠳᠠᠭ᠃
