ᠣᠯᠠᠨ ᠨᠠᠰᠤᠲᠤ ᠡᠪᠡᠰᠦᠯᠢᠭ ᠳᠤᠮᠳᠠᠰᠠᠭ ᠤᠷᠭᠤᠮᠠᠯ᠃ ᠥᠷᠭᠡᠨ ᠨᠡᠪᠴᠢ᠎ᠲᠤ ᠣᠢ ᠵᠢᠨ ᠲᠤᠤᠭᠤᠷ ᠪᠤᠶᠤ ᠣᠢ ᠵᠢᠨ ᠬᠥᠪᠡᠭᠡᠨ᠎ᠤ ᠨᠤᠭᠣ᠎ᠪᠠᠷ ᠣᠷᠭᠣᠨ᠎ᠠ᠃ ᠮᠠᠨ ᠣᠷᠣᠨ᠎ᠤ ᠬᠢᠩᠭ᠋ᠠᠨ᠎ᠤ ᠬᠤᠢ᠌ᠲᠤ ᠬᠡᠰᠡᠭ᠂ ᠳᠠᠪᠠᠭ᠋ᠠᠨ᠎ᠤ ᠪᠠᠷᠠᠭᠤᠨ ᠲᠣᠭᠣᠷᠢᠭ᠂ ᠳᠠᠪᠠᠭ᠋ᠠᠨ᠎ᠤ ᠵᠡᠭᠦᠨ ᠲᠣᠭᠣᠷᠢᠭ᠂ ᠬᠢᠩᠭ᠋ᠠᠨ᠎ᠤ ᠡᠮᠦᠨᠡᠲᠦ ᠬᠡᠰᠡᠭ᠂ ᠯᠢᠶᠣᠤ ᠾᠧ ᠭᠣᠣᠯ᠎ᠤᠨ ᠲᠠᠯ᠎ᠠ ᠭᠠᠵᠠᠷ᠂ ᠤᠯᠠᠭ᠋ᠠᠨ᠋ᠠᠲᠠ ᠵᠢᠨ ᠳᠤᠪᠤ ᠳᠤᠪᠤᠷᠴᠠᠭ᠂ ᠶᠠᠨᠱ᠌ᠠᠨ ᠠᠭᠤᠯᠠᠨ᠎ᠤ ᠬᠣᠢ᠌ᠲᠤ ᠬᠡᠰᠡᠭ᠂ ᠬᠦᠯᠦᠨ ᠪᠤᠢ᠌ᠷ— ᠰᠢᠯᠢ ᠵᠢᠨ ᠭᠣᠣᠯ᠎ᠤᠨ ᠥᠨᠳᠥᠷᠯᠢᠭ᠎ᠤᠨ ᠵᠡᠭᠦᠨ ᠬᠡᠰᠡᠭ ᠪᠣᠯᠣᠨ ᠡᠮᠦᠨᠡᠲᠦ ᠬᠡᠰᠡᠭ᠂ ᠮᠤᠨᠢ ᠠᠭᠤᠯᠠ ᠵᠢᠨ ᠲᠣᠭᠣᠷᠢᠭ ᠵᠶ᠋ᠠᠷ ᠤᠷᠭᠤᠯᠲᠠ᠎ᠲᠠᠢ᠃ ᠮᠠᠨ ᠤᠯᠤᠰ᠎ᠤᠨ ᠤᠮᠠᠷᠠᠲᠤ ᠣᠷᠣᠨ᠂ ᠵᠡᠭᠦᠨ ᠬᠣᠢ᠌ᠲᠤ ᠣᠷᠣᠨ ᠵᠶ᠋ᠠᠷ ᠳᠠᠷᠬᠠᠵᠤ᠂ ᠰᠣᠯᠣᠩᠭᠣᠰ᠂ ᠤᠷᠤᠰ᠎ᠤᠨ ᠰᠢᠪᠧᠷᠢᠶ᠎ᠡ ᠪᠣᠯᠣᠨ ᠠᠯᠤᠰ ᠳᠣᠷᠣᠨᠠᠲᠤ᠎ᠪᠠᠷ ᠪᠠᠰᠠ ᠲᠠᠷᠬᠠᠵᠤ ᠪᠠᠢ᠌ᠳᠠᠭ᠃ ᠦᠨᠳᠦᠰᠦᠯᠢᠭ ᠡᠰᠢ ᠪᠤᠯᠤᠨ ᠨᠡᠪᠴᠢ᠎ᠨᠢ ᠡᠮ᠎ᠳᠤ ᠣᠷᠣᠵᠤ᠂ ᠦᠨᠳᠦᠰᠦᠯᠢᠭ ᠡᠰᠢ᠎ᠨᠢ ᠮᠠᠰᠢ ᠬᠣᠣᠷᠠᠲᠠᠢ᠂ ᠲᠡᠭᠦᠨ ᠵᠶ᠋ᠡᠷ ᠭᠤᠤᠯᠳᠠᠭᠤ ᠭᠡᠷᠦᠬᠦ ᠴᠢᠨᠠᠷᠲᠠᠢ ᠦᠶ᠎ᠡ ᠭᠡᠰᠢᠭᠦᠨ᠎ᠤ ᠡᠪᠡᠳᠴᠢᠨ᠂ ᠰᠠ ᠡᠪᠡᠳᠴᠢᠨ᠂ ᠬᠥᠯ ᠭᠠᠷ ᠲᠠᠲᠠᠬᠤ᠂ ᠬᠡᠪᠡᠯᠢ ᠬᠦᠢ᠍ᠲᠡᠨ ᠣᠷᠬᠢᠵᠤ ᠡᠪᠡᠳᠬᠦ ᠵᠢ ᠵᠡᠰᠡᠨᠡ᠃ ᠮᠣᠩᠭᠣᠯ ᠡᠮ᠎ᠳᠤ ᠨᠡᠪᠴᠢᠪᠠᠷᠨᠢ ᠭᠣᠣᠯᠳᠠᠭᠤ ᠭᠡᠳᠡᠰᠦᠨ᠎ᠤ ᠦᠷᠪᠢᠰᠦᠯ᠂ ᠶᠤᠯᠬᠤᠳᠠᠰᠤ᠂ ᠲᠣᠯᠣᠭ᠋ᠠᠢ ᠡᠪᠡᠳᠬᠦ᠂ ᠰᠢᠲᠦ ᠡᠪᠡᠳᠬᠦ᠂ ᠬᠣᠭᠣᠯᠠᠢ ᠡᠪᠡᠳᠬᠦ ᠵᠢ ᠵᠠᠰᠠᠨ᠎ᠠ᠃

