ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠨᠡᠷᠡᠲᠦ᠍ ᠮᠣᠳᠣ
ᠲᠤᠱ᠌ᠠᠮᠠᠨ ᠵᠢᠮᠢᠰ
ᠨᠡᠶ᠋ᠢᠲᠡᠯᠡᠭᠰᠡᠨ ᠴᠠᠭ᠄ 2024-05-08

  

202404161547100 (1).jpg


    ᠲᠤᠱ᠌ᠠᠮᠠᠨ ᠵᠢᠮᠢᠰ᠎ᠤᠨ ᠢᠵᠠᠭᠤᠷ
    ᠪᠤᠲᠠ ᠮᠣᠳᠣ ᠪᠤᠶᠤ ᠪᠠᠭ᠋ᠠᠪᠲᠤᠷ ᠲᠤᠷᠤᠭ ᠮᠣᠳᠣ᠂ ᠰᠢᠯᠤᠭᠤᠨ ᠤᠷᠭᠤᠬᠤ ᠪᠥᠭᠡᠳ ᠣᠯᠠᠨ ᠰᠠᠯᠠᠭ᠎ᠠ᠎ᠲᠠᠢ᠂ ᠠᠭ᠋ᠠᠷ᠎ᠲᠠᠬᠢ ᠲᠤᠯᠭ᠋ᠠᠭᠤᠷᠢ ᠦᠨᠳᠦᠰᠦ᠎ᠲᠠᠢ᠃ ᠨᠠᠪᠴᠢ᠎ᠨᠢ ᠮᠥᠴᠢᠷ᠎ᠤᠨ ᠣᠷᠣᠢ᠎ᠳᠤ ᠪᠠᠭᠯᠠᠷᠠᠨ ᠤᠷᠭᠤᠨ᠎ᠠ᠂ ᠪᠦᠰᠡᠯᠢᠭ ᠬᠠᠪᠲᠠᠭ᠋ᠠᠢ ᠲᠡᠪᠡᠨᠡ ᠬᠡᠯᠪᠡᠷᠢ᠎ᠲᠠᠢ᠂ 1.5m ᠤᠷᠲᠤ᠂ 2 — 3cm ᠥᠷᠭᠡᠨ᠂ ᠬᠥᠪᠡᠭᠡ ᠪᠠ ᠠᠷᠤ ᠵᠢᠨ ᠭᠣᠣᠯ ᠰᠤᠳᠠᠯ᠎ᠳᠤᠨᠢ ᠦᠵᠦᠭᠦᠷ ᠲᠡᠢ᠌ᠰᠢ ᠬᠠᠨᠳᠤᠵᠤ ᠤᠷᠭᠤᠭᠰᠠᠨ ᠥᠷᠭᠡᠰᠦ᠎ᠲᠠᠢ᠃ ᠴᠡᠴᠡᠭ᠎ᠨᠢ ᠭᠠᠭᠴᠠ ᠪᠡᠯᠭᠡ᠎ᠲᠠᠢ᠂ ᠣᠨᠳᠣᠣ ᠭᠡᠷ᠎ᠲᠠᠢ᠂ ᠮᠥᠴᠢᠷ᠎ᠤᠨ ᠣᠷᠣᠢ᠎ᠳᠤ ᠴᠤᠭᠯᠠᠷᠠᠭ᠋ᠠᠳ ᠨᠠᠪᠴᠢᠨ ᠬᠡᠯᠪᠡᠷᠢᠲᠦ ᠲᠦᠷᠦᠭᠦᠪᠴᠢ᠎ᠲᠠᠢ ᠮᠢᠬᠠᠯᠢᠭ ᠲᠦᠷᠦᠭᠦᠦ ᠬᠡᠯᠪᠡᠷᠢᠲᠦ ᠪᠠᠭ ᠴᠡᠴᠡᠭ ᠪᠦᠷᠢᠯᠳᠦᠨ᠎ᠡ᠃ ᠴᠡᠴᠡᠭ᠎ᠤᠨ ᠰᠢᠳᠠᠷ ᠦᠭᠡᠢ᠃ ᠡᠷ᠎ᠡ ᠪᠠᠭ ᠴᠡᠴᠡᠭ᠎ᠨᠢ ᠪᠠᠷᠤᠭ 50cm ᠤᠷᠲᠤ᠂ ᠠᠩᠬᠢᠯᠤᠮ᠎ᠠ ᠦᠨᠦᠷ᠎ᠲᠠᠢ᠂ ᠴᠠᠭ᠋ᠠᠪᠲᠤᠷ ᠬᠠᠪᠲᠠᠭ᠋ᠠᠢ ᠲᠡᠪᠡᠨᠡ ᠬᠡᠯᠪᠡᠷᠢᠲᠦ ᠲᠦᠷᠦᠭᠦᠪᠴᠢ᠎ᠲᠠᠢ᠂ ᠣᠯᠠᠨ ᠡᠷ᠎ᠡ ᠲᠣᠭᠣᠷᠴᠣᠭ᠎ᠲᠠᠢ᠃ ᠳᠣᠬᠢᠭᠤᠷ᠎ᠨᠢ ᠮᠠᠰᠢ ᠤᠷᠲᠤ᠂ ᠳᠣᠣᠷᠠᠲᠤ ᠬᠠᠭ᠋ᠠᠰ᠎ᠨᠢ ᠨᠡᠢ᠌ᠯᠡᠩᠬᠢ᠃ ᠲᠣᠭᠣᠰᠣᠪᠴᠢ᠎ᠨᠢ ᠦᠵᠦᠭᠦᠷ᠎ᠲᠡᠭᠡᠨ ᠰᠤᠷ᠎ᠲᠠᠢ᠃ ᠡᠮ᠎ᠡ ᠴᠡᠴᠡᠭ᠎ᠤᠨ ᠤᠮᠠᠢ ᠵᠢᠨ ᠬᠠᠯᠢᠰᠤ᠎ᠨᠢ ᠪᠠᠭᠯᠠᠷᠠᠨ ᠤᠷᠭᠤᠨ᠎ᠠ᠂ ᠤᠮᠠᠢ᠎ᠨᠢ ᠬᠣᠶᠠᠷ ᠲᠠᠰᠤᠭ᠎ᠲᠠᠢ᠃ ᠨᠡᠢ᠌ᠯᠡᠮᠡᠯ ᠵᠢᠮᠢᠰ᠎ᠨᠢ ᠵᠤᠤᠪᠠᠩ ᠪᠤᠶᠤ ᠪᠥᠮᠪᠥᠭᠡᠯᠢᠭ ᠵᠤᠤᠪᠠᠩ᠂ 20cm ᠤᠷᠲᠤ᠂ 50 — 70 ᠪᠤᠶᠤ ᠨᠡᠩ ᠠᠷᠪᠢᠨ ᠰᠢᠷᠬᠡᠭ ᠮᠡᠲᠦ ᠨᠠᠷᠢᠨ ᠮᠢᠬᠠᠯᠢᠭ ᠶᠠᠰᠤᠲᠤ ᠵᠢᠮᠢᠰ ᠵᠶ᠋ᠠᠷ ᠪᠦᠷᠢᠯᠳᠦᠪᠡ᠃ ᠶᠠᠰᠤᠲᠤ ᠵᠢᠮᠢᠰ᠎ᠨᠢ 4 — 6cm ᠤᠷᠲᠤ᠂ ᠲᠣᠩᠭᠣᠷᠠᠭᠤ ᠱᠣᠷᠣᠯᠵᠢᠨ ᠬᠡᠯᠪᠡᠷᠢ᠎ᠲᠠᠢ᠂ ᠪᠣᠯᠪᠠᠰᠤᠷᠠᠪᠠᠯ ᠰᠢᠷᠠᠪᠲᠤᠷ ᠤᠯᠠᠭ᠋ᠠᠨ ᠪᠣᠯᠤᠨ᠎ᠠ᠂ ᠪᠠᠬᠠᠨ ᠢᠷᠮᠡᠭ᠎ᠲᠠᠢ᠃ ᠳᠠᠯᠠᠢ ᠵᠢᠨ ᠬᠥᠪᠡᠭᠡ᠎ᠪᠠᠷ ᠤᠷᠭᠤᠳᠠᠭ᠃
    ᠮᠠᠨ᠎ᠤ ᠤᠯᠤᠰ᠎ᠤᠨ ᠭᠤᠸᠠᠩᠳᠦᠩ᠂ ᠭᠤᠸᠠᠩᠰᠢ ᠵᠡᠷᠭᠡ ᠭᠠᠵᠠᠷ ᠣᠷᠣᠨ ᠵᠶ᠋ᠠᠷ ᠤᠷᠭᠤᠳᠠᠭ᠃
    ᠨᠠᠪᠴᠢᠨ᠎ᠤ ᠰᠢᠷᠬᠡᠭ ᠵᠶ᠋ᠠᠷ᠎ᠨᠢ ᠲᠣᠣᠷ ᠨᠡᠬᠡᠬᠦ ᠪᠤᠶᠤ ᠳᠡᠭᠡᠰᠦ ᠲᠠᠮᠤᠵᠤ ᠪᠣᠯᠤᠨ᠎ᠠ᠂ ᠪᠠᠰᠠ ᠴᠠᠭ᠋ᠠᠰᠤ ᠬᠢᠨ᠎ᠡ᠂ ᠲᠤᠯᠭ᠋ᠠᠭᠤᠷ ᠤᠲᠠᠰᠤᠨ ᠰᠢᠷᠬᠡᠭ ᠵᠶ᠋ᠠᠷ᠎ᠨᠢ ᠡᠪᠡᠰᠦᠨ ᠱᠠᠬᠠᠢ ᠬᠦᠷᠦᠨ᠎ᠡ᠃ ᠰᠢᠨ᠎ᠡ ᠰᠣᠷᠭᠣᠭ ᠴᠡᠴᠡᠭ᠎ᠠᠴᠠ᠎ᠨᠢ ᠦᠨᠦᠷᠲᠦ ᠲᠣᠰᠣ ᠠᠪᠤᠨ᠎ᠠ᠃
    ᠬᠢᠲᠠᠳ ᠨᠡᠷ᠎ᠡ᠄ 露兜树
    ᠠᠩᠭᠯᠢ ᠨᠡᠷ᠎ᠡ᠄ pandanus tectorius parkins

ᠢᠷᠡᠯᠲᠡ᠄ ᠬᠡᠢ᠌ᠮᠦᠷᠢ ᠰᠦᠯᠵᠢᠶ᠎ᠡ
          
ᠬᠠᠮᠢᠶ᠎ᠡ ᠪᠦᠬᠦᠢ ᠰᠣᠨᠢᠨ
ᠤᠰᠤᠨ ᠴᠦᠭᠦᠷᠰᠦ
ᠴᠠᠭ᠋ᠠᠨ ᠭᠠᠯᠳᠠᠰᠤ
ᠲᠡᠮᠦᠷ ᠬᠠᠷᠭ᠋ᠠᠢ
 
             蒙ICP备05000248号